ᠨᠢᠭᠡᠳᠦᠭᠡᠷ ᠵᠦᠶᠯ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠠᠴᠠ ᠵᠥᠪᠰᠢᠶᠡᠷᠡᠭᠰᠡᠨ ︽ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠠᠶᠢᠭᠤᠯᠤᠮᠵᠢ ᠶᠢᠨ ᠥᠭᠡᠷᠡᠴᠢᠯᠡᠯᠲᠡ ᠶᠢᠨ ᠲᠥᠰᠦᠯ︾ ᠪᠣᠯᠤᠨ ᠥᠪᠡᠷᠲᠡᠭᠡᠨ ᠵᠠᠰᠠᠬᠤ ᠣᠷᠣᠨ ᠠᠴᠠ ᠳᠠᠷᠤᠮᠠᠯᠯᠠᠨ | ᠲᠠᠷᠬᠠᠭᠠᠭᠰᠠᠨ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠠᠶᠢᠭᠤᠯᠤᠮᠵᠢ ᠶᠢᠨ ᠥᠭᠡᠷᠡᠴᠢᠯᠡᠯᠲᠡ ᠶᠢᠨ ᠬᠡᠷᠡᠭᠵᠢᠭᠦᠯᠬᠦ ᠰᠠᠨᠠᠯ︾ ᠢ ᠦᠨᠳᠦᠰᠦᠯᠡᠨ᠂ | ᠲᠣᠰ ᠲᠣᠭᠲᠠᠭᠠᠯ ᠢ ᠲᠣᠭᠲᠠᠭᠠᠪᠠ᠃ | ᠬᠤᠶᠠᠳᠤᠭᠠᠷ ᠵᠦᠢᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠪᠣᠯ ᠥᠪᠡᠷᠲᠡᠭᠡᠨ ᠵᠠᠰᠠᠬᠤ ᠣᠷᠣᠨ | ᠤ ᠠᠷᠠᠳ ᠤᠨ ᠵᠠᠰᠠᠭ ᠤᠨ ᠣᠷᠳᠣᠨ ᠤ ᠰᠢᠭᠤᠳ ᠬᠠᠷᠢᠶ᠎ᠠ ᠪᠠᠶᠢᠭᠤᠯᠤᠮᠵᠢ ᠪᠣᠯᠬᠤ ᠪᠥᠭᠡᠳ ᠳᠡᠳ᠋ ᠲᠢᠩᠬᠢᠮ ᠤᠨ ᠳᠡᠰ ᠤᠨ ᠨᠢᠭᠡᠴᠢ ᠪᠣᠯᠤᠨ᠎ᠠ᠃ | ᠭᠤᠷᠪᠠᠳᠤᠭᠠᠷ ᠵᠦᠶᠯ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠡᠮᠴᠢᠯᠡᠭᠡᠨ ᠤ ᠪᠠᠲᠤᠯᠠᠭ᠎ᠠ ᠶᠢᠨ ᠠᠵᠢᠯ ᠤᠨ ᠲᠤᠬᠠᠶ ᠨᠠᠮ | ᠤᠨ ᠲᠥᠪ ᠬᠤᠷᠢᠶ᠎ᠠ ᠶᠢᠨ ᠴᠢᠭᠯᠡᠯᠲᠡ ᠲᠥᠷᠥ ᠶᠢᠨ ᠪᠣᠳᠣᠯᠭ᠎ᠠ ᠪᠣᠯᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠬᠤᠯᠪᠣᠭᠳᠠᠯ ᠪᠥᠬᠦᠶ ᠰᠢᠶᠳᠪᠦᠷᠢᠲᠦ | ᠪᠣᠳᠣᠯᠭ᠎ᠠ ᠶᠢᠨ ᠪᠠᠶᠢᠷᠢᠯᠠᠭᠤᠯᠤᠯᠲᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠡᠭᠦᠷᠭᠡ ᠬᠠᠷᠢᠭᠤᠴᠠᠯᠭ᠎ᠠ ᠪᠠᠨ ᠭᠦᠶᠴᠡᠳᠬᠡᠬᠦ ᠶᠠᠪᠤᠴᠠ ᠳᠤ ᠡᠮᠴᠢᠯᠡᠭᠡᠨ ᠤ | ᠪᠠᠲᠤᠯᠠᠭ᠎ᠠ ᠶᠢᠨ ᠠᠵᠢᠯ ᠳᠠᠬᠢ ᠨᠠᠮ ᠤᠨ ᠲᠥᠪᠯᠡᠷᠡᠩᠭᠦᠶ ᠨᠢᠭᠡᠳᠦᠯᠲᠡᠶ ᠤᠳᠤᠷᠢᠳᠤᠯᠭ᠎ᠠ ᠶᠢ ᠪᠠᠷᠢᠮᠲᠠᠯᠠᠨ ᠴᠢᠩᠭᠠᠳᠬᠠᠨ᠎ᠠ᠃ ᠭᠤᠣᠯ ᠡᠭᠦᠷᠭᠡ ᠬᠠᠷᠢᠭᠤᠴᠠᠯᠭ᠎ᠠ ᠨᠢ᠄ | ︵ᠨᠢᠭᠡ︶ ᠡᠮᠴᠢᠯᠡᠭᠡᠨ ᠤ ᠳᠠᠭᠠᠳᠬᠠᠯ᠂ ᠦᠷᠡᠵᠢᠯ ᠤᠨ ᠳᠠᠭᠠᠳᠬᠠᠯ᠂ ᠡᠮᠴᠢᠯᠡᠭᠡᠨ ᠤ ᠠᠪᠤᠷᠠᠨ ᠲᠤᠰᠠᠯᠠᠯᠲᠠ ᠵᠡᠷᠭᠡ ᠣᠷᠣᠨ ᠨᠤᠲᠤᠭ ᠤᠨ ᠴᠢᠨᠠᠷᠲᠠᠶ ᠬᠠᠤᠯᠢ | ᠲᠣᠭᠲᠠᠭᠠᠯ᠂ ᠲᠦᠷᠢᠮ ᠲᠣᠭᠲᠠᠭᠠᠯ ᠤᠨ ᠡᠬᠡ ᠨᠣᠣᠷᠠᠭ ᠢ ᠲᠤᠭᠤᠷᠪᠢᠵᠤ᠂ ᠬᠠᠮᠢᠶ᠎ᠠ ᠪᠥᠬᠦᠶ ᠲᠥᠷᠥ ᠶᠢᠨ ᠪᠣᠳᠣᠯᠭ᠎ᠠ᠂ ᠲᠥᠯᠥᠪᠵᠢᠭᠦᠯᠭᠡ᠂ ᠪᠠᠷᠢᠮᠵᠢᠶ᠎ᠠ ᠶᠢ ᠰᠤᠳᠤᠯᠵᠤ | ᠲᠤᠭᠤᠷᠪᠢᠨ ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ | ︵ᠬᠤᠶᠠᠷ︶ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠬᠠᠮᠵᠢᠯᠴᠠᠨ ᠪᠦᠬᠦ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ ᠮᠥᠩᠭᠦ ᠶᠢᠨ ᠲᠥᠰᠦᠪ | ᠪᠠ ᠲᠥᠰᠦᠪ ᠤᠨ ᠭᠦᠢᠴᠡᠳᠬᠡᠯ ᠤᠨ ᠲᠥᠰᠦᠯ ᠢ ᠨᠠᠶᠢᠷᠠᠭᠤᠯᠤᠨ ᠵᠣᠬᠢᠶᠠᠵᠤ᠂ ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ ᠮᠥᠩᠭᠦ ᠶᠢᠨ ᠬᠢᠨᠠᠯᠲᠠ ᠬᠠᠮᠢᠶᠠᠷᠤᠯᠲᠠ ᠶᠢᠨ | ᠠᠷᠭ᠎ᠠ ᠶᠢ ᠵᠣᠬᠢᠶᠠᠨ ᠪᠠᠶᠢᠭᠤᠯᠤᠨ ᠲᠣᠭᠲᠠᠭᠠᠬᠤ ᠶᠢᠨ ᠬᠠᠮᠲᠤ ᠬᠡᠷᠡᠭᠵᠢᠭᠦᠯᠵᠦ᠂ ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ ᠮᠥᠩᠭᠦ ᠶᠢᠨ ᠠᠮᠤᠷ ᠲᠦᠪᠰᠢᠨ ᠤ | ᠰᠡᠷᠭᠡᠶᠢᠯᠡᠨ ᠡᠵᠡᠮᠳᠡᠬᠦ ᠲᠣᠭᠲᠠᠴᠠ ᠶᠢ ᠪᠠᠶᠢᠭᠤᠯᠤᠨ ᠪᠦᠷᠢᠨᠰᠢᠭᠦᠯᠵᠦ᠂ ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ ᠮᠥᠩᠭᠦ ᠶᠢᠨ ᠲᠣᠭᠠᠴᠠᠭ᠎ᠠ ᠬᠢᠬᠦ ᠠᠷᠭ᠎ᠠ ᠶᠢᠨ | ᠥᠭᠡᠷᠡᠴᠢᠯᠡᠯᠲᠡ ᠶᠢ ᠠᠬᠢᠭᠤᠯᠤᠨ᠎ᠠ᠃ | ︵ᠭᠤᠷᠪᠠ︶ ᠡᠮᠴᠢᠯᠡᠭᠡᠨ ᠤ ᠪᠠᠲᠤᠯᠠᠭ᠎ᠠ ᠶᠢᠨ ᠪᠡᠯᠡ ᠴᠤᠭᠯᠠᠭᠤᠯᠬᠤ ᠪᠠ ᠣᠯᠭᠤᠮᠵᠢ ᠶᠢᠨ ᠲᠥᠷᠥ ᠶᠢᠨ ᠪᠣᠳᠣᠯᠭ᠎ᠠ ᠶᠢ ᠵᠣᠬᠢᠶᠠᠨ ᠪᠠᠶᠢᠭᠤᠯᠤᠨ ᠲᠣᠭᠲᠠᠭᠠᠵᠤ᠂ | ᠬᠥᠳᠡᠯᠦᠩᠭᠦᠶ ᠪᠠᠷ ᠲᠣᠬᠢᠷᠠᠭᠤᠯᠬᠤ ᠪᠠ ᠣᠷᠣᠨ ᠪᠦᠰᠡ ᠪᠠᠷ ᠲᠣᠬᠢᠷᠠᠭᠤᠯᠤᠨ ᠲᠡᠩᠴᠡᠭᠦᠯᠬᠦ ᠲᠣᠭᠲᠠᠴᠠ ᠶᠢ ᠲᠡᠭᠦᠯᠳᠡᠷᠵᠢᠭᠦᠯᠦᠨ᠂ ᠬᠤᠲᠠ ᠬᠥᠳᠡᠭᠡ ᠶᠢᠨ | ᠡᠮᠴᠢᠯᠡᠭᠡᠨ ᠤ ᠪᠠᠲᠤᠯᠠᠭ᠎ᠠ ᠶᠢᠨ ᠣᠯᠭᠤᠮᠵᠢ ᠶᠢᠨ ᠪᠠᠷᠢᠮᠵᠢᠶ᠎ᠠ ᠶᠢ ᠨᠢᠭᠡᠳᠦᠯᠲᠡᠶ ᠲᠥᠯᠥᠪᠯᠡᠵᠦ᠂ ᠪᠡᠯᠡ ᠴᠤᠭᠯᠠᠭᠤᠯᠬᠤ ᠬᠢᠷᠢ ᠲᠦᠪᠰᠢᠨ ᠯᠦᠭᠡ ᠲᠣᠬᠢᠷᠠᠯᠴᠠᠭᠰᠠᠨ | ᠣᠯᠭᠤᠮᠵᠢ ᠶᠢᠨ ᠲᠣᠬᠢᠷᠠᠭᠤᠯᠬᠤ ᠲᠣᠭᠲᠠᠴᠠ ᠶᠢ ᠪᠠᠶᠢᠭᠤᠯᠤᠨ ᠪᠦᠷᠢᠨᠰᠢᠭᠦᠯᠦᠨ᠎ᠡ᠃ ᠣᠷᠳᠣ ᠬᠤᠭᠤᠴᠠᠭᠠᠨ ᠤ ᠰᠤᠪᠢᠯᠠᠯᠲᠠ ᠶᠢᠨ ᠳᠠᠭᠠᠳᠬᠠᠯ ᠤᠨ ᠲᠦᠷᠢᠮ ᠤᠨ | ᠥᠭᠡᠷᠡᠴᠢᠯᠡᠯᠲᠡ ᠶᠢᠨ ᠲᠥᠰᠦᠯ ᠢ ᠵᠣᠬᠢᠶᠠᠨ ᠪᠠᠶᠢᠭᠤᠯᠤᠨ ᠲᠤᠭᠤᠷᠪᠢᠬᠤ ᠶᠢᠨ ᠬᠠᠮᠲᠤ ᠬᠡᠷᠡᠭᠵᠢᠭᠦᠯᠦᠨ᠎ᠡ᠃365赢多少钱会被限额_国内有真正的365平台吗_365bet博彩官网 | ︵ᠳᠥᠷᠪᠡ︶ ᠬᠤᠲᠠ ᠬᠥᠳᠡᠭᠡ ᠶᠢᠨ ᠨᠢᠭᠡᠳᠦᠯᠲᠡᠶ ᠡᠮ ᠤᠨ ᠵᠦᠢᠯ᠂ ᠡᠮᠴᠢᠯᠡᠭᠡᠨ ᠤ ᠬᠤᠷᠣᠭᠳᠠᠯ ᠮᠠᠲ᠋ᠧᠷᠢᠶᠠᠯ᠂ ᠡᠮᠴᠢᠯᠡᠭᠡᠨ ᠤ ᠦᠶᠯᠡᠴᠢᠯᠡᠭᠡ ᠶᠢᠨ ᠲᠥᠷᠥᠯ | ᠵᠦᠶᠯ᠂ ᠡᠮᠴᠢᠯᠡᠭᠡᠨ ᠤ ᠦᠶᠯᠡᠴᠢᠯᠡᠭᠡ ᠶᠢᠨ ᠪᠡᠯᠡᠳᠬᠡᠮᠵᠢ ᠵᠡᠷᠭᠡ ᠡᠮᠴᠢᠯᠡᠭᠡᠨ ᠤ ᠳᠠᠭᠠᠳᠬᠠᠯ ᠤᠨ ᠭᠠᠷᠴᠠᠭ ᠪᠠ ᠲᠣᠭᠠᠴᠠᠭ᠎ᠠ ᠬᠢᠬᠦ ᠪᠠᠷᠢᠮᠵᠢᠶ᠎ᠠ ᠶᠢ ᠵᠣᠬᠢᠶᠠᠨ | ᠪᠠᠶᠢᠭᠤᠯᠤᠨ ᠲᠣᠭᠲᠠᠭᠠᠵᠤ᠂ ᠬᠥᠳᠡᠯᠦᠩᠭᠦᠶ ᠪᠠᠷ ᠳᠣᠭᠢᠷᠠᠭᠤᠯᠬᠤ ᠲᠣᠭᠲᠠᠴᠠ ᠶᠢ ᠪᠠᠶᠢᠭᠤᠯᠤᠨ᠂ ᠤᠯᠤᠰ ᠤᠨ ᠡᠮᠴᠢᠯᠡᠭᠡᠨ ᠤ ᠳᠠᠭᠠᠳᠬᠠᠯ ᠤᠨ ᠭᠠᠷᠴᠠᠭ ᠤᠨ | ᠵᠥᠪᠰᠢᠶᠡᠷᠡᠨ ᠣᠷᠣᠭᠤᠯᠬᠤ ᠬᠡᠯᠡᠯᠴᠡᠭᠡᠨ ᠤ ᠲᠦᠷᠢᠮ ᠢ ᠲᠤᠭᠤᠰᠢᠯᠠᠭᠤᠯᠤᠨ ᠬᠡᠷᠡᠭᠵᠢᠭᠦᠯᠦᠨ᠎ᠡ᠃ | ︵ᠲᠠᠪᠤ︶ ᠤᠯᠤᠰ ᠤᠨ ᠡᠮ ᠤᠨ ᠵᠦᠢᠯ᠂ ᠡᠮᠴᠢᠯᠡᠭᠡᠨ ᠤ ᠬᠤᠷᠣᠭᠳᠠᠯ ᠮᠠᠲ᠋ᠧᠷᠢᠶᠠᠯ ᠤᠨ ᠦᠨ᠎ᠡ ᠬᠠᠩᠰᠢ ᠶᠢᠨ ᠲᠥᠷᠥ ᠶᠢᠨ ᠪᠣᠳᠣᠯᠭ᠎ᠠ ᠶᠢ ᠲᠤᠭᠤᠰᠢᠯᠠᠭᠤᠯᠤᠨ | ᠨᠠᠶᠢᠳᠠᠪᠤᠷᠢᠵᠢᠭᠤᠯᠵᠤ᠂ ᠡᠮᠴᠢᠯᠡᠭᠡ ᠶᠢᠨ ᠦᠶᠯᠡᠴᠢᠯᠡᠭᠡᠨ ᠤ ᠲᠥᠷᠥᠯ ᠵᠦᠶᠯ᠂ ᠡᠮᠴᠢᠯᠡᠭᠡᠨ ᠤ ᠦᠢᠯᠡᠴᠢᠯᠡᠭᠡ ᠶᠢᠨ ᠪᠡᠯᠡᠳᠬᠡᠮᠵᠢ ᠶᠢᠨ ᠰᠦᠶᠳᠬᠡᠯ ᠬᠤᠷᠢᠶᠠᠬᠤ ᠵᠡᠷᠭᠡ | ᠲᠥᠷᠥ ᠶᠢᠨ ᠪᠣᠳᠣᠯᠭ᠎ᠠ ᠶᠢ ᠵᠣᠬᠢᠶᠠᠨ ᠪᠠᠶᠢᠭᠤᠯᠤᠨ ᠲᠣᠭᠲᠠᠭᠠᠵᠤ᠂ ᠡᠮᠴᠢᠯᠡᠭᠡᠨ ᠤ ᠳᠠᠭᠠᠳᠬᠠᠯ ᠤᠨ ᠲᠣᠭᠠᠴᠠᠭ᠎ᠠ ᠬᠢᠬᠦ ᠡᠮ ᠡᠮᠨᠡᠯᠭᠡ ᠶᠢᠨ ᠦᠶᠯᠡᠴᠢᠯᠡᠭᠡᠨ ᠤ ᠦᠨ᠎ᠡ | ᠬᠠᠩᠰᠢ ᠶᠢ ᠵᠦᠶ ᠵᠣᠬᠢᠰᠲᠠᠶ ᠪᠠᠷ ᠲᠣᠭᠲᠠᠭᠠᠬᠤ ᠪᠠ ᠬᠥᠳᠡᠯᠦᠩᠭᠦᠶ ᠪᠠᠷ ᠲᠣᠬᠢᠷᠠᠭᠤᠯᠬᠤ ᠲᠣᠭᠲᠠᠴᠠ ᠶᠢ ᠪᠠᠶᠢᠭᠤᠯᠤᠨ᠂ ᠵᠠᠬ᠎ᠠ ᠳᠡᠯᠭᠡᠭᠦᠷ ᠢᠶᠠᠷ ᠭᠤᠤᠯ ᠤᠳᠤᠷᠢᠳᠤᠮᠵᠢ | ᠪᠣᠯᠭᠠᠭᠰᠠᠨ ᠨᠡᠶᠢᠭᠡᠮ ᠤᠨ ᠡᠮ ᠡᠮᠨᠡᠯᠭᠡ ᠶᠢᠨ ᠦᠶᠯᠡᠴᠢᠯᠡᠭᠡᠨ ᠤ ᠦᠨ᠎ᠡ ᠬᠠᠩᠰᠢ ᠶᠢᠨ ᠪᠦᠷᠢᠯᠳᠦᠬᠦ ᠲᠣᠭᠲᠠᠴᠠ ᠶᠢ ᠪᠠᠶᠢᠭᠤᠯᠤᠨ ᠠᠬᠢᠭᠤᠯᠵᠤ᠂ ᠦᠨ᠎ᠡ ᠬᠠᠩᠰᠢ ᠶᠢᠨ | ᠮᠡᠳᠡᠭᠡ ᠵᠠᠩᠭᠢ ᠶᠢ ᠬᠢᠨᠠᠨ ᠰᠢᠨᠵᠢᠬᠦ ᠪᠠ ᠮᠡᠳᠡᠭᠡ ᠵᠠᠩᠭᠢ ᠨᠡᠶᠢᠲᠡᠯᠡᠬᠦ ᠲᠦᠷᠢᠮ ᠢ ᠪᠠᠶᠢᠭᠤᠯᠤᠨ᠎ᠠ᠃ | ︵ᠵᠢᠷᠭᠤᠭ᠎ᠠ︶ ᠡᠮ ᠤᠨ ᠵᠦᠢᠯ᠂ ᠡᠮᠴᠢᠯᠡᠭᠡᠨ ᠤ ᠬᠤᠷᠣᠭᠳᠠᠯ ᠮᠠᠲ᠋ᠧᠷᠢᠶᠠᠯ ᠤᠨ ᠳᠠᠭᠠᠭᠠᠴᠢᠯᠠᠯᠲᠠ ᠵᠠᠷᠯᠠᠨ ᠬᠤᠳᠠᠯᠳᠤᠨ ᠠᠪᠬᠤ᠂ ᠳᠣᠭᠢᠷᠠᠭᠤᠯᠤᠨ ᠬᠦᠷᠭᠡᠬᠦ | ᠵᠢᠴᠢ ᠳ᠋ᠦᠩᠨᠡᠨ ᠪᠤᠳᠤᠬᠤ ᠬᠠᠮᠢᠶᠠᠷᠤᠯᠲᠠ ᠶᠢᠨ ᠲᠥᠷᠥ ᠶᠢᠨ ᠪᠣᠳᠣᠯᠭ᠎ᠠ ᠶᠢ ᠲᠣᠭᠲᠠᠭᠠᠬᠤ ᠶᠢᠨ ᠬᠠᠮᠲᠤ ᠬᠢᠨᠠᠯᠲᠠ ᠲᠠᠯᠪᠢᠨ ᠬᠡᠷᠡᠭᠵᠢᠭᠦᠯᠵᠦ᠂ ᠡᠮ ᠤᠨ ᠵᠦᠢᠯ᠂ | ᠡᠮᠴᠢᠯᠡᠭᠡᠨ ᠤ ᠬᠤᠷᠣᠭᠳᠠᠯ ᠮᠠᠲ᠋ᠧᠷᠢᠶᠠᠯ ᠤᠨ ᠳᠠᠭᠠᠭᠠᠴᠢᠯᠠᠯᠲᠠ ᠵᠠᠷᠯᠠᠨ ᠬᠤᠳᠠᠯᠳᠤᠨ ᠠᠪᠬᠤ ᠲᠠᠪᠴᠠᠩ ᠤᠨ ᠪᠠᠶᠢᠭᠤᠯᠤᠯᠲᠠ ᠶᠢ ᠠᠬᠢᠭᠤᠯᠤᠨ᠎ᠠ᠃ | ︵ᠳᠣᠯᠤᠭ᠎ᠠ︶ ᠴᠡᠭ ᠲᠣᠭᠲᠠᠭᠠᠭᠰᠠᠨ ᠡᠮ ᠡᠮᠨᠡᠯᠭᠡ ᠶᠢᠨ ᠪᠠᠶᠢᠭᠤᠯᠤᠮᠵᠢ ᠶᠢᠨ ᠵᠥᠪᠯᠡᠯᠴᠡᠭᠡᠷ ᠪᠠ ᠲᠣᠭᠠᠴᠠᠭ᠎ᠠ ᠬᠢᠬᠦ ᠬᠠᠮᠢᠶᠠᠷᠤᠯᠲᠠ ᠶᠢᠨ ᠠᠷᠭ᠎ᠠ ᠶᠢ | ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠡᠮᠴᠢᠯᠡᠭᠡᠨ ᠤ ᠪᠠᠲᠤᠯᠠᠭ᠎ᠠ ᠶᠢᠨ ᠢᠲᠡᠭᠡᠮᠵᠢ ᠶᠢ ᠦᠨᠡᠯᠡᠬᠦ ᠲᠣᠭᠲᠠᠯᠴᠠᠭ᠎ᠠ ᠪᠠ ᠮᠡᠳᠡᠭᠡ ᠵᠠᠩᠭᠢ | ᠨᠡᠶᠢᠲᠡᠯᠡᠬᠦ ᠲᠦᠷᠢᠮ ᠢ ᠪᠠᠶᠢᠭᠤᠯᠤᠨ ᠪᠦᠷᠢᠨᠰᠢᠬᠦᠯᠵᠦ᠂ ᠡᠮᠴᠢᠯᠡᠭᠡᠨ ᠤ ᠳᠠᠭᠠᠳᠬᠠᠯ ᠤᠨ ᠬᠦᠷᠢᠶ᠎ᠡ ᠬᠡᠪᠴᠢᠶᠡᠨ ᠳᠤ ᠣᠷᠣᠭᠤᠯᠤᠭᠰᠠᠨ ᠡᠮᠴᠢᠯᠡᠭᠡᠨ ᠤ ᠦᠶᠯᠡᠴᠢᠯᠡᠭᠡᠨ ᠤ | ᠦᠶᠯᠡ ᠠᠵᠢᠯᠯᠠᠭ᠎ᠠ ᠪᠠ ᠡᠮᠴᠢᠯᠡᠭᠡᠨ ᠤ ᠰᠦᠢᠳᠬᠡᠯ ᠢ ᠬᠢᠨᠠᠨ ᠬᠠᠮᠢᠶᠠᠷᠴᠤ᠂ ᠡᠮᠴᠢᠯᠡᠭᠡᠨ ᠤ ᠪᠠᠲᠤᠯᠠᠭ᠎ᠠ ᠶᠢᠨ ᠬᠦᠷᠢᠶᠡᠨ ᠳᠠᠬᠢ ᠬᠠᠤᠯᠢ ᠲᠣᠭᠲᠠᠭᠠᠯ ᠠᠴᠠ ᠵᠥᠷᠢᠴᠡᠭᠰᠡᠨ | ᠦᠶᠯᠡ ᠠᠵᠢᠯᠯᠠᠭ᠎ᠠ ᠶᠢ ᠬᠠᠤᠯᠢ ᠲᠣᠭᠲᠠᠭᠠᠯ ᠶᠣᠰᠣᠭᠠᠷ ᠪᠠᠶᠢᠴᠠᠭᠠᠨ ᠰᠢᠶᠳᠪᠦᠷᠢᠯᠡᠨ᠎ᠡ᠃ | ︵ᠨᠠᠶᠮᠠ︶ ᠡᠮᠴᠢᠯᠡᠭᠡᠨ ᠤ ᠪᠠᠲᠤᠯᠠᠭ᠎ᠠ ᠶᠢᠨ ᠭᠠᠷᠳᠠᠨ ᠭᠦᠢᠴᠡᠳᠬᠡᠬᠦ ᠬᠠᠮᠢᠶᠠᠷᠤᠯᠲᠠ ᠪᠣᠯᠤᠨ ᠣᠯᠠᠨ ᠨᠡᠶᠢᠲᠡ ᠶᠢᠨ ᠦᠢᠯᠡᠴᠢᠯᠡᠭᠡᠨ ᠤ ᠲᠣᠭᠲᠠᠯᠴᠠᠭ᠎ᠠ᠂ ᠮᠡᠳᠡᠭᠡ | ᠵᠠᠩᠭᠢᠵᠢᠯᠲᠠ ᠶᠢᠨ ᠪᠠᠶᠢᠭᠤᠯᠤᠯᠲᠠ ᠶᠢ ᠬᠠᠷᠢᠭᠤᠴᠠᠨ᠎ᠠ᠃ ᠣᠨᠳᠣᠤ ᠭᠠᠵᠠᠷ ᠲᠤ ᠡᠮᠨᠡᠭᠦᠯᠬᠦ ᠬᠠᠮᠢᠶᠠᠷᠤᠯᠲᠠ ᠪᠣᠯᠤᠨ ᠵᠠᠷᠤᠳᠠᠯ ᠢ ᠳ᠋ᠦᠩᠨᠡᠨ ᠪᠤᠳᠤᠬᠤ ᠲᠥᠷᠥ ᠶᠢᠨ | ᠪᠣᠳᠣᠯᠭ᠎ᠠ ᠶᠢ ᠵᠣᠬᠢᠶᠠᠨ ᠪᠠᠶᠢᠭᠤᠯᠤᠨ ᠲᠣᠭᠲᠠᠭᠠᠬᠤ ᠪᠠ ᠲᠡᠭᠦᠯᠳᠡᠷᠵᠢᠭᠦᠯᠦᠨ᠎ᠡ᠃ ᠡᠮᠴᠢᠯᠡᠭᠡᠨ ᠤ ᠪᠠᠲᠤᠯᠠᠭ᠎ᠠ ᠶᠢᠨ ᠬᠠᠷᠢᠴᠠᠭ᠎ᠠ ᠶᠢ ᠰᠢᠯᠵᠢᠭᠦᠯᠦᠨ ᠦᠷᠭᠦᠯᠵᠢᠯᠡᠭᠦᠯᠬᠦ | ᠲᠦᠷᠢᠮ ᠢ ᠪᠠᠶᠢᠭᠤᠯᠤᠨ ᠪᠦᠷᠢᠨᠰᠢᠭᠦᠯᠦᠨ᠎ᠡ᠃ ᠡᠮᠴᠢᠯᠡᠭᠡᠨ ᠤ ᠪᠠᠲᠤᠯᠠᠭ᠎ᠠ ᠶᠢᠨ ᠬᠦᠷᠢᠶᠡᠨ ᠤ ᠬᠠᠮᠲᠤᠷᠠᠯᠴᠠᠭ᠎ᠠ ᠰᠣᠯᠢᠯᠴᠠᠭ᠎ᠠ ᠶᠢ ᠥᠷᠨᠢᠭᠦᠯᠦᠨ᠎ᠡ᠃ | ︵ᠶᠢᠰᠦ︶ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠲᠤᠰᠢᠶᠠᠭᠰᠠᠨ ᠪᠤᠰᠤᠳ ᠡᠭᠦᠷᠭᠡ ᠶᠢ ᠪᠡᠶᠡᠯᠡᠭᠦᠯᠦᠨ᠎ᠡ᠃ | ︵ᠠᠷᠪᠠ︶ ᠡᠭᠦᠷᠭᠡ ᠴᠢᠳᠠᠪᠬᠢ ᠶᠢᠨ ᠬᠤᠪᠢᠷᠠᠭᠤᠯᠤᠯᠲᠠ᠃ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠬᠤᠲᠠ ᠬᠥᠳᠡᠭᠡ | ᠶᠢᠨ ᠰᠠᠭᠤᠭᠠᠯᠢ ᠠᠷᠠᠳ ᠤᠨ ᠦᠨᠳᠦᠰᠦᠨ ᠡᠮᠴᠢᠯᠡᠭᠡᠨ ᠤ ᠳᠠᠭᠠᠳᠬᠠᠯ ᠤᠨ ᠨᠢᠭᠡᠳᠦᠯᠲᠡᠶ ᠲᠦᠷᠢᠮ᠂ ᠬᠦᠨᠳᠦ ᠡᠪᠡᠳᠴᠢᠨ ᠤ ᠳᠠᠭᠠᠳᠬᠠᠯ ᠤᠨ ᠲᠦᠷᠢᠮ ᠪᠠ ᠡᠮᠴᠢᠯᠡᠭᠡᠨ | ᠤ ᠠᠪᠤᠷᠠᠨ ᠲᠤᠰᠠᠯᠠᠬᠤ ᠲᠦᠷᠢᠮ ᠢ ᠲᠡᠭᠦᠯᠳᠡᠷᠵᠢᠭᠦᠯᠵᠦ᠂ ᠪᠥᠬᠦ ᠠᠷᠠᠳ ᠢ ᠬᠠᠮᠤᠷᠤᠭᠰᠠᠨ᠂ ᠬᠤᠲᠠ ᠬᠥᠳᠡᠭᠡ ᠶᠢ ᠨᠢᠭᠡᠳᠦᠯᠲᠡᠶ ᠲᠥᠯᠥᠪᠵᠢᠭᠦᠯᠦᠭᠰᠡᠨ ᠣᠯᠠᠨ ᠲᠠᠰ | ᠳᠠᠪᠬᠤᠷᠭ᠎ᠠ ᠶᠢᠨ ᠡᠮᠴᠢᠯᠡᠭᠡᠨ ᠤ ᠪᠠᠲᠤᠯᠠᠭ᠎ᠠ ᠶᠢᠨ ᠲᠣᠭᠲᠠᠯᠴᠠᠭ᠎ᠠ ᠶᠢ ᠪᠠᠶᠢᠭᠤᠯᠤᠨ ᠪᠦᠷᠢᠨᠰᠢᠬᠦᠯᠵᠦ᠂ ᠡᠮᠴᠢᠯᠡᠭᠡᠨ ᠤ ᠪᠠᠲᠤᠯᠠᠭ᠎ᠠ ᠶᠢᠨ ᠬᠢᠷᠢ ᠲᠦᠪᠰᠢᠨ ᠢ ᠲᠠᠰᠤᠷᠠᠯᠲᠠ | ᠥᠬᠡᠶ ᠳᠡᠭᠡᠭᠰᠢᠯᠡᠭᠦᠯᠦᠨ᠂ ᠡᠮᠴᠢᠯᠡᠭᠡᠨ ᠤ ᠳᠠᠭᠠᠳᠬᠠᠯ ᠤᠨ ᠪᠠᠯᠠ ᠮᠥᠩᠭᠦ ᠶᠢ ᠵᠦᠶ ᠵᠣᠬᠢᠰᠲᠠᠶ ᠬᠡᠷᠡᠭᠯᠡᠬᠦ᠂ ᠠᠮᠤᠷ ᠲᠦᠪᠰᠢᠨ ᠪᠥᠭᠡᠳ ᠡᠵᠡᠮᠳᠡᠵᠦ ᠪᠣᠯᠬᠤᠶᠢᠴᠠ | ᠪᠠᠶᠢᠬᠤ ᠶᠢ ᠦᠨᠡᠨ ᠬᠦ ᠪᠠᠲᠤᠯᠠᠵᠤ᠂ ᠡᠮᠴᠢᠯᠡᠭᠡ᠂ ᠡᠮᠴᠢᠯᠡᠭᠡᠨ ᠤ ᠳᠠᠭᠠᠳᠬᠠᠯ᠂ ᠡᠮ ᠡᠮᠨᠡᠯᠭᠡ ︽ᠭᠤᠷᠪᠠᠨ ᠲᠠᠯ᠎ᠠ ᠪᠠᠷ ᠬᠤᠯᠪᠣᠭᠠᠯᠠᠨ ᠬᠥᠳᠡᠯᠦᠯᠴᠡᠬᠦ︾ | ᠥᠭᠡᠷᠡᠴᠢᠯᠡᠯᠲᠡ ᠶᠢ ᠠᠬᠢᠭᠤᠯᠤᠨ᠂ ᠠᠷᠠᠳ ᠣᠯᠠᠨ ᠤ ᠡᠪᠡᠳᠴᠢᠨ ᠦᠵᠡᠭᠦᠯᠬᠦ ᠬᠡᠷᠡᠭᠴᠡᠭᠡ ᠱᠠᠭᠠᠷᠳᠠᠯᠭ᠎ᠠ ᠶᠢ ᠨᠠᠩ ᠰᠠᠶᠢᠨ ᠪᠠᠲᠤᠯᠠᠵᠤ᠂ ᠡᠮ ᠡᠮᠨᠡᠯᠭᠡ ᠶᠢᠨ ᠵᠠᠷᠤᠳᠠᠯ | ᠤᠨ ᠳᠠᠷᠤᠭᠠᠰᠤ ᠶᠢ ᠬᠥᠩᠭᠡᠷᠡᠭᠦᠯᠬᠦ ᠬᠡᠷᠡᠭᠲᠡᠢ᠃ | ︵ᠠᠷᠪᠠᠨ ᠨᠢᠭᠡ︶ ᠬᠤᠯᠪᠣᠭᠳᠠᠯ ᠪᠦᠬᠦᠢ ᠡᠭᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ᠃ | ᠥᠪᠡᠷᠲᠡᠭᠡᠨ ᠵᠠᠰᠠᠬᠤ ᠣᠷᠣᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠯᠦᠭᠡ ᠶᠢᠨ ᠬᠤᠯᠪᠣᠭᠳᠠᠯ ᠪᠦᠬᠦᠢ ᠡᠭᠦᠷᠭᠡ ᠬᠠᠷᠢᠭᠤᠴᠠᠯᠭ᠎ᠠ ᠶᠢᠨ | ᠬᠤᠪᠢᠶᠠᠷᠢᠯᠠᠯ᠃ ᠥᠪᠡᠷᠲᠡᠭᠡᠨ ᠵᠠᠰᠠᠬᠤ ᠣᠷᠣᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ᠂ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ | ᠶᠢᠨ ᠲᠣᠪᠴᠢᠶ᠎ᠠ ᠵᠡᠷᠭᠡ ᠰᠠᠯᠠᠭ᠎ᠠ ᠮᠥᠴᠢᠷ ᠤᠳ ᠡᠮᠴᠢᠯᠡᠭᠡ᠂ ᠡᠮᠴᠢᠯᠡᠭᠡᠨ ᠤ ᠳᠠᠭᠠᠳᠬᠠᠯ᠂ ᠡᠮ ᠡᠮᠨᠡᠯᠭᠡ ᠵᠡᠷᠭᠡ ᠲᠠᠯ᠎ᠠ ᠪᠠᠷ ᠳᠦᠷᠢᠮ᠂ ᠲᠥᠷᠥ ᠶᠢᠨ ᠪᠣᠳᠣᠯᠭ᠎ᠠ ᠶᠢ | ᠵᠣᠯᠭᠠᠭᠤᠯᠬᠤ ᠶᠢ ᠴᠢᠩᠭᠠᠳᠬᠠᠵᠤ᠂ ᠨᠡᠪᠲᠡᠷᠡᠯᠴᠡᠨ ᠵᠥᠪᠳᠡᠯᠴᠡᠬᠦ ᠲᠣᠭᠲᠠᠴᠠ ᠶᠢ ᠪᠠᠶᠢᠭᠤᠯᠤᠨ᠂ ᠥᠭᠡᠷᠡᠴᠢᠯᠡᠯᠲᠡ ᠶᠢ ᠬᠠᠮᠵᠢᠯᠴᠠᠨ ᠠᠬᠢᠭᠤᠯᠵᠤ᠂ ᠡᠮᠴᠢᠯᠡᠭᠡᠨ ᠤ ᠡᠬᠢ | ᠪᠠᠶᠠᠯᠢᠭ ᠢ ᠬᠡᠷᠡᠭᠯᠡᠬᠦ ᠦᠷ᠎ᠡ ᠪᠦᠲᠦᠮᠵᠢ ᠪᠠ ᠡᠮᠴᠢᠯᠡᠭᠡᠨ ᠤ ᠪᠠᠲᠤᠯᠠᠭ᠎ᠠ ᠶᠢᠨ ᠬᠢᠷᠢ ᠲᠦᠪᠰᠢᠨ ᠢ ᠳᠡᠭᠡᠭᠰᠢᠯᠡᠭᠦᠯᠦᠨ᠎ᠡ᠃ | ᠳᠥᠷᠪᠡᠳᠦᠭᠡᠷ ᠵᠦᠢᠯ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠶᠢᠨ ᠳᠣᠲᠣᠭᠠᠳᠤ ᠳᠤ ᠳᠣᠣᠷᠠᠬᠢ ᠮᠡᠲᠦ ᠪᠠᠶᠢᠭᠤᠯᠤᠮᠵᠢ | ᠲᠣᠬᠢᠷᠠᠭᠤᠯᠪᠠ᠄ | ︵ᠨᠢᠭᠡ︶ ᠠᠯᠪᠠᠨ ᠭᠡᠷ᠃ ᠪᠠᠶᠢᠭᠤᠯᠭ᠎ᠠ ᠶᠢᠨ ᠡᠳᠦᠷ ᠲᠤᠲᠤᠮ ᠤᠨ ᠠᠵᠢᠯ ᠢ ᠬᠠᠷᠢᠭᠤᠴᠠᠵᠤ᠂ ᠠᠮᠤᠷ ᠲᠦᠪᠰᠢᠨ᠂ ᠨᠢᠭᠤᠴᠠ ᠶᠢ ᠬᠠᠮᠠᠭᠠᠯᠠᠬᠤ᠂ ᠵᠠᠬᠢᠳᠠᠯ | ᠰᠤᠷᠪᠤᠯᠵᠢᠯᠠᠯ᠂ ᠵᠠᠰᠠᠭ ᠤᠨ ᠶᠠᠪᠤᠳᠠᠯ ᠢ ᠢᠯᠡ ᠪᠣᠯᠭᠠᠬᠤ ᠪᠠ ᠬᠠᠮᠲᠤᠷᠠᠯᠴᠠᠨ ᠰᠣᠯᠢᠯᠴᠠᠬᠤ ᠵᠡᠷᠭᠡ ᠠᠵᠢᠯ ᠢ ᠡᠭᠦᠷᠭᠡᠯᠡᠨ᠎ᠡ᠃ ᠪᠠᠶᠢᠭᠤᠯᠭ᠎ᠠ ᠶᠢᠨ ᠡᠳ᠋ ᠤᠨ ᠶᠠᠪᠤᠳᠠᠯ᠂ | ᠡᠳ᠋ ᠬᠥᠷᠥᠩᠭᠡ ᠶᠢᠨ ᠬᠠᠮᠢᠶᠠᠷᠤᠯᠲᠠ ᠶᠢᠨ ᠠᠵᠢᠯ ᠢ ᠡᠭᠦᠷᠭᠡᠯᠡᠵᠦ᠂ ᠡᠮᠴᠢᠯᠡᠭᠡᠨ ᠤ ᠪᠠᠲᠤᠯᠠᠭ᠎ᠠ ᠶᠢᠨ ᠮᠡᠳᠡᠭᠡ ᠵᠠᠩᠭᠢᠵᠢᠯᠲᠠ ᠶᠢᠨ ᠪᠠᠶᠢᠭᠤᠯᠤᠯᠲᠠ ᠶᠢ ᠠᠬᠢᠭᠤᠯᠤᠨ᠎ᠠ᠃ | ᠣᠷᠣᠨ ᠨᠤᠲᠤᠭ ᠤᠨ ᠴᠢᠨᠠᠷᠲᠠᠶ ᠬᠠᠤᠯᠢ ᠲᠣᠭᠲᠠᠭᠠᠯ᠂ ᠳᠦᠷᠢᠮ ᠲᠣᠭᠲᠠᠭᠠᠯ ᠤᠨ ᠡᠬᠡ ᠨᠤᠤᠷᠠᠭ ᠪᠣᠯᠤᠨ ᠪᠠᠷᠢᠮᠵᠢᠶ᠎ᠠ ᠶᠢ ᠵᠣᠬᠢᠶᠠᠨ ᠪᠠᠶᠢᠭᠤᠯᠤᠨ ᠲᠤᠭᠤᠷᠪᠢᠵᠤ᠂ | ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ ᠤᠨ ᠬᠠᠤᠯᠢ ᠶᠣᠰᠣᠲᠤ ᠴᠢᠨᠠᠷ ᠢ ᠬᠢᠨᠠᠨ ᠪᠠᠶᠢᠴᠠᠭᠠᠬᠤ ᠪᠠ ᠵᠠᠰᠠᠭ ᠵᠠᠬᠢᠷᠭᠠᠨ ᠤ ᠳᠠᠬᠢᠨ ᠵᠥᠪᠯᠡᠬᠦ᠂ ᠵᠠᠰᠠᠭ ᠵᠠᠬᠢᠷᠭᠠᠨ ᠤ | ᠵᠠᠷᠭᠤ ᠬᠦᠯᠢᠶᠡᠬᠦ ᠠᠵᠢᠯ ᠢ ᠡᠭᠦᠷᠭᠡᠯᠡᠨ᠎ᠡ᠃ | ︵ᠬᠤᠶᠠᠷ︶ ᠣᠯᠭᠤᠮᠵᠢ ᠶᠢ ᠪᠠᠲᠤᠯᠠᠬᠤ ᠭᠠᠵᠠᠷ᠃ ᠡᠮᠴᠢᠯᠡᠭᠡᠨ ᠤ ᠪᠠᠲᠤᠯᠠᠭ᠎ᠠ ᠶᠢᠨ ᠪᠠᠯᠠ ᠴᠤᠭᠯᠠᠭᠤᠯᠬᠤ ᠪᠠ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠶᠢ | ᠲᠤᠭᠤᠷᠪᠢᠨ ᠲᠣᠭᠲᠠᠭᠠᠵᠤ᠂ ᠬᠤᠲᠠ ᠬᠥᠳᠡᠭᠡ ᠶᠢᠨ ᠡᠮᠴᠢᠯᠡᠭᠡᠨ ᠤ ᠪᠠᠲᠤᠯᠠᠭ᠎ᠠ ᠶᠢᠨ ᠬᠠᠷᠠᠭᠠᠯᠵᠠᠯ ᠤᠨ ᠪᠠᠷᠢᠮᠵᠢᠶ᠎ᠠ ᠶᠢ ᠨᠢᠭᠡᠳᠦᠯᠲᠡᠶ ᠲᠥᠯᠥᠪᠯᠡᠨ᠎ᠡ᠃ ᠣᠯᠠᠨ ᠳᠡᠰ | ᠳᠠᠪᠬᠤᠷᠭ᠎ᠠ ᠶᠢᠨ ᠡᠮᠴᠢᠯᠡᠭᠡᠨ ᠤ ᠪᠠᠲᠤᠯᠠᠭ᠎ᠠ ᠶᠢᠨ ᠲᠣᠭᠲᠠᠯᠴᠠᠭ᠎ᠠ ᠶᠢᠨ ᠪᠠᠶᠢᠭᠤᠯᠤᠯᠲᠠ ᠶᠢ ᠨᠢᠭᠡᠳᠦᠯᠲᠡᠶ ᠲᠥᠯᠥᠪᠯᠡᠨ ᠠᠬᠢᠭᠤᠯᠤᠨ᠎ᠠ᠃ ᠡᠮᠴᠢᠯᠡᠭᠡᠨ ᠤ ᠪᠠᠲᠤᠯᠠᠭ᠎ᠠ ᠶᠢᠨ | ᠬᠠᠷᠢᠴᠠᠭ᠎ᠠ ᠶᠢ ᠰᠢᠯᠵᠢᠭᠦᠯᠦᠨ ᠦᠷᠭᠦᠯᠵᠢᠯᠡᠭᠦᠯᠬᠦ ᠲᠦᠷᠢᠮ ᠢ ᠪᠠᠶᠢᠭᠤᠯᠤᠨ ᠲᠡᠭᠦᠯᠳᠡᠷᠵᠢᠭᠦᠯᠦᠨ᠎ᠡ᠃ ᠣᠷᠳᠣ ᠬᠤᠭᠤᠴᠠᠭᠠᠨ ᠤ ᠰᠤᠪᠢᠯᠠᠯᠲᠠ ᠶᠢᠨ ᠳᠠᠭᠠᠳᠬᠠᠯ ᠤᠨ | ᠲᠦᠷᠢᠮ ᠤᠨ ᠥᠭᠡᠷᠡᠴᠢᠯᠡᠯᠲᠡ ᠶᠢᠨ ᠲᠥᠰᠦᠯ ᠢ ᠵᠣᠬᠢᠶᠠᠨ ᠪᠠᠶᠢᠭᠤᠯᠤᠨ ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ | ︵ᠭᠤᠷᠪᠠ︶ ᠡᠮ ᠡᠮᠨᠡᠯᠭᠡ ᠶᠢᠨ ᠦᠢᠯᠡᠴᠢᠯᠡᠭᠡᠨ ᠤ ᠬᠠᠮᠢᠶᠠᠷᠤᠯᠲᠠ ᠶᠢᠨ ᠭᠠᠵᠠᠷ᠃ ᠡᠮᠴᠢᠯᠡᠭᠡᠨ ᠤ ᠳᠠᠭᠠᠳᠬᠠᠯ ᠤᠨ ᠭᠠᠷᠴᠠᠭ ᠪᠠ ᠲᠣᠭᠠᠴᠠᠭ᠎ᠠ ᠬᠢᠬᠦ | ᠪᠠᠷᠢᠮᠵᠢᠶ᠎ᠠ ᠶᠢ ᠲᠤᠭᠤᠷᠪᠢᠨ ᠲᠣᠭᠲᠠᠭᠠᠵᠤ᠂ ᠬᠥᠳᠡᠯᠦᠩᠭᠦᠶ ᠪᠠᠷ ᠳᠣᠭᠢᠷᠠᠭᠤᠯᠬᠤ ᠲᠣᠭᠲᠠᠴᠠ ᠶᠢ ᠪᠠᠶᠢᠭᠤᠯᠤᠨ᠂ ᠤᠯᠤᠰ ᠤᠨ ᠡᠮᠴᠢᠯᠡᠭᠡᠨ ᠤ ᠳᠠᠭᠠᠳᠬᠠᠯ ᠤᠨ ᠭᠠᠷᠴᠠᠭ | ᠤᠨ ᠵᠥᠪᠰᠢᠶᠡᠷᠡᠨ ᠣᠷᠣᠭᠤᠯᠬᠤ ᠬᠡᠯᠡᠯᠴᠡᠭᠡᠨ ᠤ ᠲᠦᠷᠢᠮ ᠢ ᠲᠤᠭᠤᠰᠢᠯᠠᠭᠤᠯᠤᠨ ᠬᠡᠷᠡᠭᠵᠢᠭᠦᠯᠦᠨ᠎ᠡ᠃ ᠴᠡᠭ ᠲᠣᠭᠲᠠᠭᠠᠭᠰᠠᠨ ᠡᠮ ᠡᠮᠨᠡᠯᠭᠡ ᠶᠢᠨ ᠪᠠᠶᠢᠭᠤᠯᠤᠮᠵᠢ ᠶᠢᠨ | ᠡᠮᠴᠢᠯᠡᠭᠡᠨ ᠤ ᠳᠠᠭᠠᠳᠬᠠᠯ ᠤᠨ ᠵᠥᠪᠯᠡᠯᠴᠡᠭᠡᠷ ᠪᠠ ᠲᠣᠭᠠᠴᠠᠭ᠎ᠠ ᠬᠢᠬᠦ ᠬᠠᠮᠢᠶᠠᠷᠤᠯᠲᠠ᠂ ᠣᠨᠳᠣᠤ ᠭᠠᠵᠠᠷ ᠲᠤ ᠡᠮᠨᠡᠭᠦᠯᠬᠦ ᠬᠠᠮᠢᠶᠠᠷᠤᠯᠲᠠ ᠶᠢᠨ ᠠᠷᠭ᠎ᠠ ᠪᠠ ᠳ᠋ᠦᠩᠨᠡᠨ | ᠪᠤᠳᠤᠬᠤ ᠲᠥᠷᠥ ᠶᠢᠨ ᠪᠣᠳᠣᠯᠭ᠎ᠠ ᠶᠢ ᠲᠤᠭᠤᠷᠪᠢᠨ ᠲᠣᠭᠲᠠᠭᠠᠨ᠎ᠠ᠃ ᠡᠮᠴᠢᠯᠡᠭᠡᠨ ᠤ ᠳᠠᠭᠠᠳᠬᠠᠯ ᠤᠨ ᠲᠣᠭᠠᠴᠠᠭ᠎ᠠ ᠬᠢᠬᠦ ᠠᠷᠭ᠎ᠠ ᠮᠠᠶ᠋ᠢᠭ ᠤᠨ ᠥᠭᠡᠷᠡᠴᠢᠯᠡᠯᠲᠡ ᠶᠢ | ᠵᠣᠬᠢᠶᠠᠨ ᠪᠠᠶᠢᠭᠤᠯᠵᠤ ᠠᠬᠢᠭᠤᠯᠤᠨ᠎ᠠ᠃ ᠤᠯᠤᠰ ᠤᠨ ᠱᠠᠭᠠᠷᠳᠠᠯᠭ᠎ᠠ ᠶᠣᠰᠣᠭᠠᠷ᠂ ᠡᠮ ᠤᠨ ᠵᠦᠢᠯ᠂ ᠡᠮᠴᠢᠯᠡᠭᠡᠨ ᠤ ᠬᠤᠷᠣᠭᠳᠠᠯ ᠮᠠᠲ᠋ᠧᠷᠢᠶᠠᠯ᠂ ᠡᠮᠴᠢᠯᠡᠭᠡᠨ ᠤ ᠮᠡᠷᠭᠡᠵᠢᠯ | ᠤᠨ ᠠᠵᠤ ᠠᠬᠤᠶ ᠶᠢᠨ ᠴᠢᠨᠠᠷᠲᠠᠶ ᠦᠨᠡᠯᠡᠯᠲᠡ ᠶᠢ ᠵᠣᠬᠢᠶᠠᠨ ᠪᠠᠶᠢᠭᠤᠯᠵᠤ ᠥᠷᠨᠢᠭᠦᠯᠦᠨ᠎ᠡ᠃ | ︵ᠳᠥᠷᠪᠡ︶ ᠡᠮ ᠡᠮᠨᠡᠯᠭᠡ ᠶᠢᠨ ᠦᠨ᠎ᠡ ᠬᠠᠩᠰᠢ ᠬᠢᠭᠡᠳ ᠳᠠᠭᠠᠭᠠᠴᠢᠯᠠᠯᠲᠠ ᠵᠠᠷᠯᠠᠵᠤ ᠬᠤᠳᠠᠯᠳᠤᠨ ᠠᠪᠬᠤ ᠭᠠᠵᠠᠷ᠃ ᠤᠯᠤᠰ ᠤᠨ ᠡᠮ ᠤᠨ ᠵᠦᠶᠯ᠂ | ᠡᠮᠴᠢᠯᠡᠭᠡᠨ ᠳᠤ ᠬᠡᠷᠡᠭᠯᠡᠬᠦ ᠬᠤᠷᠣᠭᠳᠠᠯ ᠮᠠᠲ᠋ᠧᠷᠢᠶᠠᠯ ᠤᠨ ᠦᠨ᠎ᠡ ᠬᠠᠩᠰᠢ ᠶᠢᠨ ᠲᠥᠷᠥ ᠶᠢᠨ ᠪᠣᠳᠣᠯᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠡᠮᠴᠢᠯᠡᠭᠡ | ᠶᠢᠨ ᠦᠶᠯᠡᠴᠢᠯᠡᠭᠡᠨ ᠤ ᠲᠥᠷᠥᠯ ᠵᠦᠶᠯ᠂ ᠡᠮᠴᠢᠯᠡᠭᠡ ᠶᠢᠨ ᠦᠶᠯᠡᠴᠢᠯᠡᠭᠡᠨ ᠤ ᠪᠡᠯᠡᠳᠬᠡᠮᠵᠢ ᠶᠢᠨ ᠰᠦᠶᠳᠬᠡᠯ ᠬᠤᠷᠢᠶᠠᠬᠤ ᠵᠡᠷᠭᠡ ᠲᠥᠷᠥ ᠶᠢᠨ ᠪᠣᠳᠣᠯᠭ᠎ᠠ ᠶᠢ ᠵᠣᠬᠢᠶᠠᠨ | ᠪᠠᠶᠢᠭᠤᠯᠤᠨ ᠲᠤᠭᠤᠷᠪᠢᠨ ᠲᠣᠭᠲᠠᠭᠠᠵᠤ᠂ ᠦᠨ᠎ᠡ ᠬᠠᠩᠰᠢ ᠶᠢᠨ ᠮᠡᠳᠡᠭᠡ ᠵᠠᠩᠭᠢ ᠶᠢ ᠬᠢᠨᠠᠨ ᠰᠢᠨᠵᠢᠯᠡᠬᠦ ᠪᠠ ᠮᠡᠳᠡᠭᠡ ᠵᠠᠩᠭᠢ ᠨᠡᠶᠢᠲᠡᠯᠡᠬᠦ ᠲᠦᠷᠢᠮ ᠢ ᠪᠠᠶᠢᠭᠤᠯᠤᠨ᠎ᠠ᠃ | ᠡᠮ ᠤᠨ ᠵᠦᠢᠯ᠂ ᠡᠮᠴᠢᠯᠡᠭᠡᠨ ᠤ ᠬᠤᠷᠣᠭᠳᠠᠯ ᠮᠠᠲ᠋ᠧᠷᠢᠶᠠᠯ ᠤᠨ ᠳᠠᠭᠠᠭᠠᠴᠢᠯᠠᠯᠲᠠ ᠵᠠᠷᠯᠠᠨ ᠬᠤᠳᠠᠯᠳᠤᠨ ᠠᠪᠬᠤ᠂ ᠲᠣᠬᠢᠷᠠᠭᠤᠯᠤᠨ ᠬᠦᠷᠭᠡᠬᠦ ᠵᠢᠴᠢ ᠳ᠋ᠦᠩᠨᠡᠨ ᠪᠣᠳᠣᠬᠤ | ᠬᠠᠮᠢᠶᠠᠷᠤᠯᠲᠠ ᠶᠢᠨ ᠲᠥᠷᠥ ᠶᠢᠨ ᠪᠣᠳᠣᠯᠭ᠎ᠠ ᠶᠢ ᠲᠤᠭᠤᠷᠪᠢᠨ ᠲᠣᠭᠲᠠᠭᠠᠬᠤ ᠶᠢᠨ ᠬᠠᠮᠲᠤ ᠬᠢᠨᠠᠯᠲᠠ ᠲᠠᠯᠪᠢᠨ ᠬᠡᠷᠡᠭᠵᠢᠭᠦᠯᠵᠦ᠂ ᠳᠠᠭᠠᠭᠠᠴᠢᠯᠠᠯᠲᠠ ᠵᠠᠷᠯᠠᠨ ᠬᠤᠳᠠᠯᠳᠤᠨ | ᠠᠪᠬᠤ ᠲᠠᠪᠴᠠᠩ ᠤᠨ ᠪᠠᠶᠢᠭᠤᠯᠤᠯᠲᠠ ᠶᠢ ᠠᠬᠢᠭᠤᠯᠤᠨ᠎ᠠ᠃ | ︵ᠲᠠᠪᠤ︶ ᠲᠥᠯᠥᠪᠵᠢᠭᠦᠯᠭᠡ ᠡᠳ᠋ ᠤᠨ ᠶᠠᠪᠤᠳᠠᠯ ᠬᠢᠭᠡᠳ ᠰᠠᠭᠤᠷᠢ ᠮᠥᠩᠭᠦᠨ ᠤ ᠬᠢᠨᠠᠯᠲᠠ ᠬᠠᠮᠢᠶᠠᠷᠤᠯᠲᠠ ᠶᠢᠨ ᠭᠠᠵᠠᠷ᠃ ᠡᠮᠴᠢᠯᠡᠭᠡᠨ ᠤ ᠪᠠᠲᠤᠯᠠᠭ᠎ᠠ ᠶᠢᠨ | ᠠᠵᠢᠯ ᠤᠨ ᠲᠥᠯᠥᠪᠵᠢᠭᠦᠯᠭᠡ ᠶᠢ ᠵᠣᠬᠢᠶᠠᠨ ᠪᠠᠶᠢᠭᠤᠯᠤᠨ ᠲᠤᠭᠤᠷᠪᠢᠨ ᠲᠣᠭᠲᠠᠭᠠᠵᠤ᠂ ᠪᠥᠬᠦ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ ᠮᠥᠩᠭᠦ ᠶᠢᠨ | ᠲᠥᠰᠦᠪ ᠪᠠ ᠲᠥᠰᠦᠪ ᠤᠨ ᠭᠦᠶᠴᠡᠳᠬᠡᠯ ᠤᠨ ᠲᠥᠰᠦᠯ ᠢ ᠵᠣᠬᠢᠶᠠᠨ ᠪᠠᠶᠢᠭᠤᠯᠤᠨ ᠨᠠᠶᠢᠷᠠᠭᠤᠯᠤᠨ ᠵᠣᠬᠢᠶᠠᠨ᠎ᠠ᠃ ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ | ᠮᠥᠩᠭᠦ ᠶᠢᠨ ᠬᠢᠨᠠᠯᠲᠠ ᠬᠠᠮᠢᠶᠠᠷᠤᠯᠲᠠ ᠶᠢᠨ ᠠᠷᠭ᠎ᠠ ᠶᠢ ᠲᠤᠭᠤᠷᠪᠢᠨ ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠵᠤ ᠬᠡᠷᠡᠭᠵᠢᠭᠦᠯᠦᠨ᠎ᠡ᠃ ᠡᠮᠴᠢᠯᠡᠭᠡᠨ ᠤ ᠪᠠᠲᠤᠯᠠᠭ᠎ᠠ | ᠶᠢᠨ ᠰᠠᠭᠤᠷᠢ ᠮᠥᠩᠭᠦ ᠶᠢᠨ ᠠᠮᠤᠷ ᠲᠦᠪᠰᠢᠨ ᠤ ᠰᠡᠷᠭᠡᠶᠢᠯᠡᠨ ᠡᠵᠡᠮᠳᠡᠬᠦ ᠲᠣᠭᠲᠠᠴᠠ ᠶᠢ ᠪᠠᠶᠢᠭᠤᠯᠤᠨ ᠪᠦᠷᠢᠨᠰᠢᠭᠦᠯᠵᠦ᠂ ᠡᠮᠴᠢᠯᠡᠭᠡᠨ ᠤ ᠪᠠᠲᠤᠯᠠᠭ᠎ᠠ ᠶᠢᠨ | ᠢᠲᠡᠭᠡᠮᠵᠢ ᠶᠢ ᠦᠨᠡᠯᠡᠬᠦ ᠲᠣᠭᠲᠠᠯᠴᠠᠭ᠎ᠠ ᠪᠠ ᠮᠡᠳᠡᠭᠡ ᠵᠠᠩᠭᠢ ᠨᠡᠶᠢᠲᠡᠯᠡᠬᠦ ᠳᠦᠷᠢᠮ ᠢ ᠪᠠᠶᠢᠭᠤᠯᠤᠨ ᠪᠦᠷᠢᠨᠰᠢᠭᠦᠯᠦᠨ᠎ᠡ᠃ ᠡᠮᠴᠢᠯᠡᠭᠡᠨ ᠤ ᠳᠠᠭᠠᠳᠬᠠᠯ ᠤᠨ ᠲᠣᠭᠠᠴᠠᠭ᠎ᠠ | ᠬᠢᠬᠦ ᠬᠡᠪᠴᠢᠶᠡᠨ ᠳᠤ ᠣᠷᠣᠭᠤᠯᠤᠭᠰᠠᠨ ᠡᠮᠴᠢᠯᠡᠭᠡᠨ ᠤ ᠦᠢᠯᠡᠴᠢᠯᠡᠭᠡ ᠶᠢᠨ ᠦᠶᠯᠡ ᠠᠵᠢᠯᠯᠠᠭ᠎ᠠ ᠪᠠ ᠡᠮᠴᠢᠯᠡᠭᠡᠨ ᠤ ᠵᠠᠷᠤᠳᠠᠯ ᠢ ᠬᠢᠨᠠᠨ ᠬᠠᠮᠢᠶᠠᠷᠴᠤ᠂ ᠡᠮᠴᠢᠯᠡᠭᠡᠨ ᠤ | ᠳᠠᠭᠠᠳᠬᠠᠯ ᠤᠨ ᠭᠠᠷᠲᠠᠨ ᠭᠦᠶᠴᠡᠳᠬᠡᠬᠦ ᠲᠤᠬᠠᠶᠢᠯᠠᠭᠰᠠᠨ ᠠᠵᠢᠯ ᠢ ᠵᠢᠷᠤᠮᠵᠢᠭᠤᠯᠤᠨ᠂ ᠡᠮᠴᠢᠯᠡᠭᠡᠨ ᠤ ᠪᠠᠲᠤᠯᠠᠭ᠎ᠠ ᠶᠢᠨ ᠬᠦᠷᠢᠶᠡᠨ ᠳᠠᠬᠢ ᠬᠠᠤᠯᠢ ᠲᠣᠭᠲᠠᠭᠠᠯ ᠠᠴᠠ | ᠵᠥᠷᠢᠴᠡᠭᠰᠡᠨ ᠦᠶᠯᠡ ᠠᠵᠢᠯᠯᠠᠭ᠎ᠠ ᠶᠢ ᠬᠠᠤᠯᠢ ᠲᠣᠭᠲᠠᠭᠠᠯ ᠶᠣᠰᠣᠭᠠᠷ ᠪᠠᠶᠢᠴᠠᠭᠠᠨ ᠰᠢᠶᠳᠪᠦᠷᠢᠯᠡᠨ᠎ᠡ᠃ ᠪᠠᠶᠢᠭᠤᠯᠭ᠎ᠠ ᠪᠠ ᠰᠢᠭᠤᠳ ᠬᠠᠷᠢᠶ᠎ᠠ ᠨᠢᠭᠡᠴᠢ ᠶᠢᠨ ᠲᠥᠰᠦᠪ | ᠪᠠ ᠲᠥᠰᠦᠪ ᠤᠨ ᠭᠦᠢᠴᠡᠳᠬᠡᠯ᠂ ᠳᠣᠲᠣᠭᠠᠳᠤ ᠶᠢᠨ ᠬᠢᠨᠠᠨ ᠪᠤᠳᠤᠬᠤ ᠠᠵᠢᠯ ᠢ ᠡᠭᠦᠷᠭᠡᠯᠡᠨ᠎ᠡ᠃ | ᠪᠠᠶᠢᠭᠤᠯᠭ᠎ᠠ ᠶᠢᠨ ᠨᠠᠮ ᠤᠨ ᠬᠤᠷᠢᠶ᠎ᠠ ︵ᠠᠵᠢᠯᠲᠠᠨ ᠤ ᠶᠠᠪᠤᠳᠠᠯ ᠤᠨ ᠭᠠᠵᠠᠷ︶᠃ ᠪᠠᠶᠢᠭᠤᠯᠭ᠎ᠠ ᠪᠣᠯᠤᠨ ᠬᠠᠷᠢᠶ᠎ᠠ ᠨᠢᠭᠡᠴᠢ ᠶᠢᠨ ᠨᠠᠮ ᠪᠠ ᠣᠯᠠᠨ ᠲᠦᠮᠡᠨ᠂ | ᠰᠠᠬᠢᠯᠭ᠎ᠠ ᠪᠠᠲᠤ ᠪᠠᠶᠢᠴᠠᠭᠠᠬᠤ ᠵᠡᠷᠭᠡ ᠠᠵᠢᠯ ᠢ ᠬᠠᠷᠢᠭᠤᠴᠠᠨ᠎ᠠ᠃ ᠪᠠᠶᠢᠭᠤᠯᠭ᠎ᠠ ᠪᠣᠯᠤᠨ ᠬᠠᠷᠢᠶ᠎ᠠ ᠨᠢᠭᠡᠴᠢ ᠶᠢᠨ ᠠᠵᠢᠯᠲᠠᠨ ᠤ ᠶᠠᠪᠤᠳᠠᠯ ᠤᠨ ᠬᠠᠮᠢᠶᠠᠷᠤᠯᠲᠠ᠂ | ᠪᠠᠶᠢᠭᠤᠯᠤᠮᠵᠢ ᠶᠢᠨ ᠣᠷᠣᠨ ᠲᠤᠭ᠎ᠠ᠂ ᠬᠥᠮᠦᠵᠢᠯ ᠪᠣᠯᠪᠠᠰᠤᠷᠠᠯ᠂ ᠡᠩᠨᠡᠭᠡᠨ ᠤ ᠪᠠᠶᠢᠭᠤᠯᠤᠯᠲᠠ ᠵᠡᠷᠭᠡ ᠠᠵᠢᠯ ᠢ ᠡᠭᠦᠷᠭᠡᠯᠡᠨ᠎ᠡ᠃ | ᠲᠠᠪᠤᠳᠤᠭᠠᠷ ᠵᠦᠢᠯ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠶᠢᠨ ᠵᠠᠰᠠᠭ ᠵᠠᠬᠢᠷᠭᠠᠨ ᠤ ᠣᠷᠣᠨ ᠲᠤᠭ᠎ᠠ 30 ᠪᠤᠢ᠃ | ᠡᠭᠦᠨ ᠳᠤ ᠲᠣᠪᠴᠢᠶᠠᠨ ᠳᠠᠷᠤᠭ᠎ᠠ 1 ᠬᠥᠮᠦᠨ ︵ᠳᠡᠳ᠋ ᠲᠢᠩᠬᠢᠮ ᠤᠨ ᠲᠠᠰ︶᠂ ᠳᠡᠳ᠋ ᠲᠣᠪᠴᠢᠶᠠᠨ ᠳᠠᠷᠤᠭ᠎ᠠ 3 ᠬᠥᠮᠦᠨ ︵ᠭᠠᠵᠠᠷ ᠤᠨ ᠲᠠᠰ︶ ᠪᠣᠶ︔ ᠪᠤᠰᠤᠳ | ᠭᠠᠵᠠᠷ ᠤᠨ ᠲᠠᠰ ᠤᠨ ᠤᠳᠤᠷᠢᠳᠬᠤ ᠲᠤᠰᠢᠶᠠᠯ ᠳᠤ 12 ᠬᠥᠮᠥᠨ ﹇6 ᠭᠠᠵᠠᠷ ᠤᠨ ᠳᠡᠰ ᠤᠨ ᠳᠠᠷᠤᠭ᠎ᠠ ︵ᠪᠠᠶᠢᠭᠤᠯᠭ᠎ᠠ ᠶᠢᠨ ᠨᠠᠮ ᠤᠨ ᠬᠤᠷᠢᠶᠠᠨ ᠤ ᠲᠤᠰᠬᠠᠶ | ᠲᠤᠰᠢᠶᠠᠯᠲᠤ ᠳᠡᠳ᠋ ᠱᠦᠵᠢ 1 ᠨᠡᠷ᠎ᠡ ᠪᠠᠭᠲᠠᠨ᠎ᠠ︶ 6 ᠳᠡᠳ᠋ ᠭᠠᠵᠠᠷ ᠤᠨ ᠳᠠᠰ ᠤᠨ ᠳᠠᠷᠤᠭ᠎ᠠ ︵ᠪᠠᠶᠢᠭᠤᠯᠭ᠎ᠠ ᠶᠢᠨ ᠰᠠᠬᠢᠯᠭ᠎ᠠ ᠪᠠᠲᠤ ᠪᠠᠶᠢᠴᠠᠭᠠᠬᠤ ᠬᠤᠷᠢᠶᠠᠨ ᠤ | ᠱᠦᠵᠢ 1 ᠬᠥᠮᠦᠨ ᠪᠠᠭᠲᠠᠨ᠎ᠠ︶﹈ ᠪᠤᠢ᠃ | ᠵᠢᠷᠭᠤᠳᠤᠭᠠᠷ ᠵᠦᠶᠯ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠶᠢᠨ ᠬᠠᠷᠢᠶ᠎ᠠ ᠠᠵᠢᠯ ᠦᠶᠯᠡᠰ ᠤᠨ ᠨᠢᠭᠡᠴᠢ ᠶᠢᠨ | ᠲᠣᠬᠢᠷᠠᠭᠤᠯᠤᠯᠲᠠ᠂ ᠡᠭᠦᠷᠭᠡ ᠬᠠᠷᠢᠭᠤᠴᠠᠯᠭ᠎ᠠ ᠪᠣᠯᠤᠨ ᠣᠷᠣᠨ ᠲᠤᠭ᠎ᠠ ᠶᠢᠨ ᠵᠦᠶᠯᠡᠰ ᠢ ᠠᠰ ᠲᠤ ᠨᠢ ᠲᠣᠭᠲᠠᠭᠠᠨ᠎ᠠ᠃ | ᠳᠣᠯᠣᠳᠤᠭᠠᠷ ᠵᠦᠢᠯ ᠲᠤᠰ ᠲᠣᠭᠲᠠᠭᠠᠯ ᠳᠤ ᠲᠠᠶᠢᠯᠤᠮᠵᠢ ᠬᠢᠭᠰᠡᠨ ᠭᠦᠢᠴᠡᠳᠬᠡᠬᠦ ᠠᠵᠢᠯ ᠢ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ | ᠪᠠᠶᠢᠭᠤᠯᠤᠮᠵᠢ ᠣᠷᠣᠨ ᠲᠣᠭᠠᠨ ᠤ ᠬᠤᠷᠢᠶᠠᠨ ᠤ ᠠᠯᠪᠠᠨ ᠭᠡᠷ ᠬᠠᠷᠢᠭᠤᠴᠠᠵᠤ᠂ ᠲᠡᠭᠦᠨ ᠤ ᠲᠣᠬᠢᠷᠠᠭᠤᠯᠤᠯᠲᠠ ᠶᠢ ᠥᠪᠡᠷᠲᠡᠭᠡᠨ ᠵᠠᠰᠠᠬᠤ ᠣᠷᠣᠨ ᠤ ᠨᠠᠮ ᠤᠨ | ᠬᠤᠷᠢᠶᠠᠨ ᠤ ᠪᠠᠶᠢᠭᠤᠯᠤᠮᠵᠢ ᠣᠷᠣᠨ ᠲᠣᠭᠠᠨ ᠤ ᠬᠤᠷᠢᠶᠠᠨ ᠤ ᠠᠯᠪᠠᠨ ᠭᠡᠷ ᠲᠣᠭᠲᠠᠭᠠᠭᠰᠠᠨ ᠳᠡᠰ ᠳᠠᠷᠠᠭᠠᠯᠠᠯ ᠶᠣᠰᠣᠭᠠᠷ ᠭᠦᠢᠴᠡᠳᠬᠡᠨ᠎ᠡ᠃ | ᠨᠠᠶᠮᠠᠳᠤᠭᠠᠷ ᠵᠦᠶᠯ ᠲᠣᠰ ᠲᠣᠭᠲᠠᠭᠠᠯ ᠢ 2018 ᠣᠨ ᠤ 12 ᠳ᠋ᠤᠭᠠᠷ ᠰᠠᠷ᠎ᠠ ᠶᠢᠨ 29 ᠤ ᠡᠳᠦᠷ ᠠᠴᠠ ᠡᠬᠢᠯᠡᠵᠦ ᠬᠡᠷᠡᠭᠵᠢᠭᠦᠯᠦᠨ᠎ᠡ᠃ | ᠬᠠᠶ᠋ᠢᠭ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠬᠡᠬᠤᠲᠠ ᠶᠢᠨ ᠤᠯᠠᠭᠠᠨᠴᠠᠪ ᠪᠠᠷᠠᠭᠤᠨ ᠵᠡᠭᠡᠯᠢ ᠶᠢᠨ 19 ᠳ᠋ᠦ᠋ᠭᠡᠷ ᠲᠣᠭᠠᠲᠤ | ᠠᠯᠪᠠᠯᠠᠬᠤ ᠴᠠᠭ᠄ 9᠄ 00-12᠄ 00 13᠄ 30-17᠄ 00 | ᠤᠲᠠᠰᠤ᠄ 0471-4930516 ︵ᠹᠠᠺᠰ︶᠂ ᠲᠤᠬᠠᠶᠢᠯᠠᠭᠰᠠᠨ ᠠᠵᠢᠯ ᠤᠨ ᠯᠠᠪᠯᠠᠯᠭ᠎ᠠ 0471-4919735 | ᠬᠠᠷᠢᠭᠤᠴᠠᠯᠭᠠᠲᠠᠨ᠄ ᠶᠢᠨ ᠮᠠᠨ ᠢ | | ᠬᠠᠷᠢᠶ᠎ᠠ ᠨᠢᠭᠡᠴᠢ᠄ | ︵ᠨᠢᠭᠡ︶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮ ᠡᠮᠨᠡᠯᠭᠡ ᠶᠢᠨ ᠳᠠᠭᠠᠳᠬᠠᠯ ᠤᠨ ᠦᠢᠯᠡᠴᠢᠯᠡᠭᠡᠨ ᠤ ᠲᠥᠪ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮ ᠡᠮᠨᠡᠯᠭᠡ ᠶᠢᠨ ᠳᠠᠭᠠᠳᠬᠠᠯ ᠤᠨ ᠦᠢᠯᠡᠴᠢᠯᠡᠭᠡᠨ ᠤ ᠲᠥᠪ ᠪᠣᠯ ᠥᠪᠡᠷᠲᠡᠭᠡᠨ ᠵᠠᠰᠠᠬᠤ ᠣᠷᠣᠨ ᠤ | ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠶᠢᠨ ᠬᠠᠷᠢᠶ᠎ᠠ ᠵᠢᠩᠬᠢᠨᠢ ᠭᠠᠵᠠᠷ ᠤᠨ ᠲᠠᠰ ᠤᠨ ᠨᠡᠶᠢᠲᠡ ᠶᠢᠨ ᠠᠰᠠᠷᠠᠮᠵᠢ ᠶᠢᠨ ᠨᠢᠭᠡᠳᠦᠭᠡᠷ ᠲᠥᠷᠥᠯ ᠤᠨ ᠠᠵᠢᠯ ᠦᠢᠯᠡᠰ ᠤᠨ | ᠨᠢᠭᠡᠴᠢ ᠪᠣᠯᠣᠨ᠎ᠠ᠃ 1. ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ ᠦᠨᠳᠦᠰᠦᠨ ᠡᠮᠴᠢᠯᠡᠭᠡ᠂ ᠦᠷᠡᠵᠢᠯ ᠤᠨ ᠳᠠᠭᠠᠳᠬᠠᠯ ᠤᠨ ᠲᠤᠬᠠᠶᠢᠯᠠᠭᠰᠠᠨ ᠠᠵᠢᠯ ᠤᠨ | ᠭᠠᠷᠲᠠᠨ ᠭᠦᠢᠴᠡᠳᠬᠡᠬᠦ ᠦᠢᠯᠡᠴᠢᠯᠡᠭᠡᠨ ᠤ ᠴᠢᠨᠠᠷᠲᠠᠶ ᠠᠵᠢᠯ ᠢ ᠡᠭᠦᠷᠭᠡᠯᠡᠨ᠎ᠡ᠃ 2. ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ ᠦᠨᠳᠦᠰᠦᠨ ᠡᠮᠴᠢᠯᠡᠭᠡ ᠶᠢᠨ | ᠳᠠᠭᠠᠳᠬᠠᠯ ᠤᠨ ᠲᠣᠭᠠᠴᠠᠭ᠎ᠠ ᠬᠢᠬᠦ ᠠᠷᠭ᠎ᠠ ᠶᠢᠨ ᠥᠭᠡᠷᠡᠴᠢᠯᠡᠯᠲᠡ ᠶᠢᠨ ᠬᠠᠮᠢᠶ᠎ᠠ ᠪᠥᠬᠦᠶ ᠠᠵᠢᠯ ᠢ ᠡᠭᠦᠷᠭᠡᠯᠡᠨ᠎ᠡ᠃ 3. ᠥᠪᠡᠷᠲᠡᠭᠡᠨ ᠵᠠᠰᠠᠬᠤ ᠣᠷᠣᠨ ᠤ ᠲᠤᠰ | ᠱᠠᠲᠤᠨ ᠤ ᠴᠡᠭ ᠲᠣᠭᠲᠠᠭᠠᠭᠰᠠᠨ ᠡᠮᠨᠡᠯᠭᠡ ᠶᠢᠨ ᠬᠤᠷᠢᠶ᠎ᠠ ᠪᠣᠯᠤᠨ ᠡᠮ ᠤᠨ ᠳᠡᠯᠭᠡᠭᠦᠷ ᠤᠨ ᠵᠥᠪᠳᠡᠯᠴᠡᠨ ᠭᠦᠢᠴᠡᠳᠬᠡᠬᠦ ᠪᠠᠶᠢᠴᠠᠭᠠᠯᠲᠠ ᠶᠢᠨ ᠠᠵᠢᠯ ᠶᠠᠪᠤᠳᠠᠯ ᠤᠨ | ᠴᠢᠨᠠᠷᠲᠠᠶ ᠠᠵᠢᠯ ᠢ ᠥᠷᠨᠢᠭᠦᠯᠵᠦ᠂ ᠴᠡᠭ ᠲᠣᠭᠲᠠᠭᠠᠭᠰᠠᠨ ᠡᠮᠨᠡᠯᠭᠡ ᠶᠢᠨ ᠬᠤᠷᠢᠶᠠᠨ ᠤ ᠲᠣᠭᠲᠠᠭᠰᠠᠨ ᠨᠤᠷᠮ᠎ᠠ ᠶᠢᠨ ᠲᠥᠰᠦᠪ᠂ ᠶᠡᠷᠦᠩᠬᠡᠶ ᠲᠤᠭ᠎ᠠ ᠶᠢ ᠡᠵᠡᠮᠳᠡᠬᠦ | ᠲᠤᠰᠠᠯᠠᠮᠵᠢ ᠶᠢᠨ ᠴᠢᠨᠠᠷᠲᠠᠶ ᠠᠵᠢᠯ ᠢ ᠡᠭᠦᠷᠭᠡᠯᠡᠨ᠎ᠡ᠃ 4. ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ ᠦᠨᠳᠦᠰᠦᠨ ᠡᠮᠴᠢᠯᠡᠭᠡ᠂ ᠦᠷᠡᠵᠢᠯ ᠤᠨ | ᠳᠠᠭᠠᠳᠬᠠᠯ ᠤᠨ ᠰᠠᠭᠤᠷᠢ ᠲᠤᠭ᠎ᠠ ᠶᠢ ᠬᠠᠷᠭᠤᠭᠤᠯᠤᠨ ᠲᠣᠭᠲᠠᠭᠠᠬᠤ᠂ ᠲᠠᠲᠠᠪᠤᠷᠢᠯᠠᠨ ᠲᠤᠰᠢᠶᠠᠬᠤ ᠲᠥᠯᠥᠪᠯᠡᠭᠡ ᠪᠠ ᠰᠠᠭᠤᠷᠢ ᠮᠥᠩᠭᠦ ᠶᠢ ᠬᠠᠷᠭᠤᠭᠤᠯᠤᠨ ᠪᠤᠳᠤᠬᠤ | ᠵᠡᠷᠭᠡ ᠲᠤᠰᠠᠯᠠᠬᠤ ᠴᠢᠨᠠᠷᠲᠠᠶ ᠠᠵᠢᠯ ᠢ ᠡᠭᠦᠷᠭᠡᠯᠡᠨ᠎ᠡ᠃ 5. ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ ᠠᠵᠢᠯ ᠠᠴᠠ ᠪᠠᠨ ᠳᠠᠷᠬᠠᠯᠠᠭᠳᠠᠭᠰᠠᠨ ᠪᠠ ᠠᠮᠠᠷᠠᠭᠰᠠᠨ | ᠺᠠᠳ᠋ᠷ᠂ ᠡᠷᠡᠭᠦᠯᠵᠢᠯ ᠤᠨ ᠣᠯᠭᠤᠮᠵᠢ ᠵᠡᠷᠭᠡ ᠬᠥᠮᠦᠰ ᠤᠨ ᠡᠮᠴᠢᠯᠡᠭᠡᠨ ᠤ ᠪᠠᠲᠤᠯᠠᠭ᠎ᠠ ᠶᠢᠨ ᠦᠢᠯᠡᠴᠢᠯᠡᠭᠡ ᠪᠠ ᠬᠤᠳᠠᠯᠳᠤᠭᠠᠨ ᠤ ᠨᠥᠬᠦᠪᠥᠷᠢ ᠡᠮᠴᠢᠯᠡᠭᠡᠨ ᠤ | ᠳᠠᠭᠠᠳᠬᠠᠯ ᠤᠨ ᠬᠠᠮᠢᠶ᠎ᠠ ᠪᠥᠬᠦᠶ ᠠᠵᠢᠯ ᠢ ᠡᠭᠦᠷᠭᠡᠯᠡᠨ᠎ᠡ᠃ 6. ᠡᠮᠴᠢᠯᠡᠭᠡᠨ ᠤ ᠪᠠᠲᠤᠯᠠᠭ᠎ᠠ ᠶᠢᠨ ᠮᠡᠳᠡᠭᠡ ᠵᠠᠩᠭᠢ ᠶᠢᠨ ᠰᠢᠰᠲ᠋ᠧᠮ ᠤᠨ ᠲᠤᠭ᠎ᠠ ᠪᠠᠷᠢᠮᠲᠠ ᠶᠢ ᠪᠦᠷᠢᠳᠬᠡᠬᠦ᠂ | ᠵᠠᠳᠠᠯᠬᠤ᠂ ᠬᠢᠨᠠᠨ ᠬᠡᠮᠵᠢᠬᠦ ᠵᠡᠷᠭᠡ ᠰᠠᠭᠤᠷᠢ ᠴᠢᠨᠠᠷᠲᠠᠶ ᠠᠵᠢᠯ ᠢ ᠡᠭᠦᠷᠭᠡᠯᠡᠨ᠎ᠡ᠃ 7. ᠡᠮᠴᠢᠯᠡᠭᠡᠨ ᠤ ᠲᠡᠩᠬᠡᠷᠡᠭᠦᠯᠦᠨ ᠲᠤᠰᠠᠯᠠᠬᠤ ᠶᠢᠨ ᠬᠠᠮᠢᠶ᠎ᠠ ᠪᠥᠬᠦᠶ ᠠᠵᠢᠯ ᠢ | ᠥᠷᠨᠢᠭᠦᠯᠦᠨ᠎ᠡ᠃ 8. ᠡᠮᠴᠢᠯᠡᠭᠡᠨ ᠤ ᠪᠠᠲᠤᠯᠠᠭ᠎ᠠ ᠶᠢᠨ ᠭᠠᠷᠲᠠᠨ ᠭᠦᠢᠴᠡᠳᠬᠡᠬᠦ ᠲᠤᠬᠠᠶᠢᠯᠠᠭᠰᠠᠨ ᠠᠵᠢᠯ ᠤᠨ ᠪᠣᠯᠪᠠᠰᠤᠷᠠᠯ ᠵᠡᠷᠭᠡ ᠶᠢ ᠥᠷᠨᠢᠭᠦᠯᠦᠨ᠎ᠡ᠃ 9. | ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠶᠢᠨ ᠲᠤᠰᠢᠶᠠᠭᠰᠠᠨ ᠪᠤᠰᠤᠳ ᠬᠠᠮᠢᠶ᠎ᠠ ᠪᠥᠬᠦᠶ ᠠᠵᠢᠯ ᠢ ᠡᠭᠦᠷᠭᠡᠯᠡᠨ᠎ᠡ᠃ | ᠪᠠᠶᠢᠭᠤᠯᠤᠮᠵᠢ ᠶᠢᠨ ᠲᠣᠬᠢᠷᠠᠭᠤᠯᠤᠯᠲᠠ᠄ ᠠᠯᠪᠠᠨ ᠬᠡᠷ᠂ ᠰᠠᠭᠤᠷᠢ ᠮᠥᠩᠭᠦ ᠶᠢᠨ ᠬᠠᠮᠢᠶᠠᠷᠤᠯᠲᠠ ᠶᠢᠨ ᠰᠠᠯᠠᠭ᠎ᠠ᠂ ᠡᠮ ᠡᠮᠨᠡᠯᠭᠡ ᠶᠢᠨ ᠦᠢᠯᠡᠴᠢᠯᠡᠭᠡᠨ ᠤ ᠰᠠᠯᠠᠭ᠎ᠠ᠂ | ᠶᠡᠷᠦᠩᠬᠡᠶᠢᠯᠡᠭᠰᠡᠨ ᠲᠤᠬᠠᠶᠢᠯᠠᠭᠰᠠᠨ ᠠᠵᠢᠯ ᠤᠨ ᠰᠠᠯᠠᠭ᠎ᠠ᠂ ᠣᠯᠭᠤᠮᠵᠢ ᠪᠠᠲᠤᠯᠠᠭ᠎ᠠ ᠶᠢᠨ ᠰᠠᠯᠠᠭ᠎ᠠ᠂ ᠣᠯᠠᠨ ᠨᠡᠶᠢᠲᠡ ᠶᠢᠨ ᠦᠢᠯᠡᠴᠢᠯᠡᠭᠡᠨ ᠤ ᠰᠠᠯᠠᠭ᠎ᠠ᠂ ᠮᠡᠳᠡᠭᠡ | ᠵᠠᠩᠭᠢ ᠶᠢᠨ ᠪᠦᠷᠢᠳᠬᠡᠯ ᠤᠨ ᠰᠠᠯᠠᠭ᠎ᠠ᠃ | ᠬᠠᠶ᠋ᠢᠭ᠄ ᠬᠥᠬᠡᠬᠤᠲᠠ ᠶᠢᠨ ᠰᠢᠨ᠎ᠡ ᠬᠤᠲᠠ ᠲᠣᠭᠤᠷᠢᠭ ᠤᠨ ᠰᠢᠨᠬᠤᠸᠠ ᠶᠡᠭᠡ ᠵᠡᠭᠡᠯᠢ ᠶᠢᠨ 53 ᠳ᠋ᠤᠭᠠᠷ ᠲᠣᠭᠠᠲᠤ ︵ᠥᠪᠥᠷ ᠮᠣᠩᠭᠤᠯ ᠤᠨ ᠬᠥᠳᠡᠯᠮᠦᠷᠢ | ᠬᠦᠴᠦᠨ ᠤ ᠵᠠᠬ᠎ᠠ ᠳᠡᠯᠭᠡᠭᠦᠷ ᠤᠨ 4 ᠳ᠋ᠦ᠋ᠭᠡᠷ ᠠᠰᠠᠷ︶ | ᠠᠯᠪᠠᠯᠠᠬᠤ ᠴᠠᠭ᠄ ᠠᠵᠢᠯᠯᠠᠬᠤ ᠡᠳᠦᠷ ᠤᠨ 9᠄ 00 — 12᠄ 00᠂ 13᠄ 30 — 17᠄ 00 | ᠬᠠᠷᠢᠯᠴᠠᠬᠤ ᠠᠷᠭ᠎ᠠ᠄ 0471-6606125 | ᠬᠠᠷᠢᠭᠤᠴᠠᠯᠭᠠᠲᠠᠨ᠄ | ︵ᠬᠤᠶᠠᠷ︶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮ ᠡᠮᠨᠡᠯᠭᠡ ᠶᠢᠨ ᠬᠤᠳᠠᠯᠳᠤᠨ ᠠᠪᠬᠤ ᠲᠥᠪ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮ ᠡᠮᠨᠡᠯᠭᠡ ᠶᠢᠨ ᠬᠤᠳᠠᠯᠳᠤᠨ ᠠᠪᠬᠤ ᠲᠥᠪ ᠪᠣᠯ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ | ᠪᠠᠲᠤᠯᠠᠭ᠎ᠠ ᠶᠢᠨ ᠲᠣᠪᠴᠢᠶ᠎ᠠ ᠶᠢᠨ ᠬᠠᠷᠢᠶ᠎ᠠ ᠵᠢᠩᠬᠢᠨᠢ ᠭᠠᠵᠠᠷ ᠤᠨ ᠲᠠᠰ ᠤᠨ ᠨᠡᠶᠢᠲᠡ ᠶᠢᠨ ᠠᠰᠠᠷᠠᠮᠵᠢ ᠶᠢᠨ ᠨᠢᠭᠡᠳᠦᠭᠡᠷ ᠲᠥᠷᠥᠯ ᠤᠨ ᠠᠵᠢᠯ ᠦᠢᠯᠡᠰ ᠤᠨ ᠨᠢᠭᠡᠴᠢ | ᠪᠣᠯᠣᠨ᠎ᠠ᠃ 1. ᠪᠥᠬᠦ ᠣᠷᠣᠨ ᠤ ᠡᠮ ᠤᠨ ᠵᠦᠢᠯ ᠪᠣᠯᠤᠨ ᠡᠮᠴᠢᠯᠡᠭᠡᠨ ᠤ ᠬᠤᠷᠣᠭᠳᠠᠯ ᠮᠠᠲ᠋ᠧᠷᠢᠶᠠᠯ ᠢ ᠲᠥᠪᠯᠡᠷᠡᠭᠦᠯᠦᠨ ᠳᠠᠭᠠᠭᠠᠴᠢᠯᠠᠯᠲᠠ ᠵᠠᠷᠯᠠᠵᠤ ᠬᠤᠳᠠᠯᠳᠤᠨ | ᠠᠪᠬᠤ᠂ ᠪᠠᠷᠠᠭᠠᠨ ᠤ ᠵᠣᠭᠤᠰ ᠢ ᠳ᠋ᠦᠩᠨᠡᠨ ᠪᠤᠳᠤᠬᠤ ᠵᠡᠷᠭᠡ ᠠᠵᠢᠯ ᠢ ᠡᠭᠦᠷᠭᠡᠯᠡᠨ᠎ᠡ᠃ 2. ᠡᠮ ᠤᠨ ᠵᠦᠢᠯ᠂ ᠡᠮᠴᠢᠯᠡᠭᠡᠨ ᠤ ᠬᠤᠷᠣᠭᠳᠠᠯ ᠮᠠᠲ᠋ᠧᠷᠢᠶᠠᠯ ᠪᠠ | ᠡᠮᠴᠢᠯᠡᠭᠡᠨ ᠤ ᠦᠢᠯᠡᠴᠢᠯᠡᠭᠡ ᠶᠢᠨ ᠲᠥᠷᠥᠯ ᠵᠦᠢᠯ ᠵᠡᠷᠭᠡ ᠶᠢᠨ ᠦᠨ᠎ᠡ ᠬᠠᠩᠰᠢ ᠶᠢ ᠬᠢᠨᠠᠨ ᠬᠡᠮᠵᠢᠬᠦ ᠶᠢᠨ ᠲᠤᠰᠠᠯᠠᠬᠤ ᠴᠢᠨᠠᠷᠲᠠᠶ ᠠᠵᠢᠯ ᠢ ᠥᠷᠨᠢᠭᠦᠯᠦᠨ᠎ᠡ᠃ 3. ᠲᠤᠭ᠎ᠠ | ᠪᠠᠷᠢᠮᠲᠠ ᠶᠢ ᠪᠦᠷᠢᠳᠬᠡᠨ ᠵᠠᠳᠠᠯᠬᠤ᠂ ᠬᠠᠮᠢᠶ᠎ᠠ ᠪᠥᠬᠦᠶ ᠲᠤᠬᠠᠶᠢᠯᠠᠭᠰᠠᠨ ᠠᠵᠢᠯ ᠤᠨ ᠪᠣᠯᠪᠠᠰᠤᠷᠠᠯ ᠵᠡᠷᠭᠡ ᠠᠵᠢᠯ ᠢ ᠡᠭᠦᠷᠭᠡᠯᠡᠨ᠎ᠡ᠃ 4. ᠥᠪᠡᠷᠲᠡᠭᠡᠨ ᠵᠠᠰᠠᠬᠤ ᠣᠷᠣᠨ ᠤ | ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠶᠢᠨ ᠲᠤᠰᠢᠶᠠᠭᠰᠠᠨ ᠪᠤᠰᠤᠳ ᠬᠠᠮᠢᠶ᠎ᠠ ᠪᠥᠬᠦᠶ ᠠᠵᠢᠯ ᠢ ᠡᠭᠦᠷᠭᠡᠯᠡᠨ᠎ᠡ᠃ | ᠪᠠᠶᠢᠭᠤᠯᠤᠮᠵᠢ ᠶᠢᠨ ᠲᠣᠬᠢᠷᠠᠭᠤᠯᠤᠯᠲᠠ᠄ ᠠᠯᠪᠠᠨ ᠬᠡᠷ᠂ ᠳᠠᠭᠠᠭᠠᠴᠢᠯᠠᠯᠲᠠ ᠵᠠᠷᠯᠠᠵᠤ ᠬᠤᠳᠠᠯᠳᠤᠨ ᠠᠪᠬᠤ ᠰᠠᠯᠠᠭ᠎ᠠ᠂ ᠡᠳ᠋ ᠤᠨ ᠶᠠᠪᠤᠳᠠᠯ ᠤᠨ ᠳ᠋ᠦᠩᠨᠡᠨ | ᠪᠤᠳᠤᠬᠤ ᠰᠠᠯᠠᠭ᠎ᠠ᠂ ᠮᠡᠳᠡᠭᠡ ᠵᠠᠩᠭᠢ ᠶᠢᠨ ᠲᠤᠭ᠎ᠠ ᠪᠦᠷᠢᠳᠬᠡᠯ ᠤᠨ ᠰᠠᠯᠠᠭ᠎ᠠ᠂ ᠬᠢᠨᠠᠨ ᠰᠢᠨᠵᠢᠯᠡᠵᠦ ᠬᠢᠨᠠᠨ ᠪᠤᠳᠤᠬᠤ ᠰᠠᠯᠠᠭ᠎ᠠ᠃ | ᠬᠠᠶ᠋ᠢᠭ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠬᠡᠬᠤᠲᠠ ᠶᠢᠨ ᠤᠯᠠᠭᠠᠨᠴᠠᠪ ᠪᠠᠷᠠᠭᠤᠨ ᠵᠡᠭᠡᠯᠢ ᠶᠢᠨ 19 ᠳ᠋ᠦ᠋ᠭᠡᠷ ᠲᠣᠭᠠᠲᠤ | ᠠᠯᠪᠠᠯᠠᠬᠤ ᠴᠠᠭ᠄ ᠠᠵᠢᠯᠯᠠᠬᠤ ᠡᠳᠦᠷ ᠤᠨ 9᠄ 00 — 12᠄ 00᠂ 13᠄ 30 — 17᠄ 00 | ᠬᠠᠷᠢᠯᠴᠠᠬᠤ ᠠᠷᠭ᠎ᠠ᠄ 0471-4919735 | ᠬᠠᠷᠢᠭᠤᠴᠠᠯᠭᠠᠲᠠᠨ᠄ ᠯᠢᠦ ᠶᠦᠨ | ︵ᠭᠤᠷᠪᠠ︶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠨᠳᠣᠤ ᠭᠠᠵᠠᠷ ᠲᠤ ᠡᠮᠨᠡᠭᠦᠯᠦᠭᠰᠡᠨ ᠵᠠᠷᠤᠳᠠᠯ ᠢ ᠳ᠋ᠦᠩᠨᠡᠨ ᠪᠤᠳᠤᠬᠤ ᠲᠥᠪ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠨᠳᠣᠤ ᠭᠠᠵᠠᠷ ᠲᠤ ᠡᠮᠨᠡᠭᠦᠯᠦᠭᠰᠡᠨ ᠵᠠᠷᠤᠳᠠᠯ ᠢ ᠳ᠋ᠦᠩᠨᠡᠨ ᠪᠤᠳᠤᠬᠤ ᠲᠥᠪ ᠪᠣᠯ ᠥᠪᠡᠷᠲᠡᠭᠡᠨ | ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠶᠢᠨ ᠬᠠᠷᠢᠶ᠎ᠠ ᠵᠢᠩᠬᠢᠨᠢ ᠭᠠᠵᠠᠷ ᠤᠨ ᠲᠠᠰ ᠤᠨ ᠨᠡᠶᠢᠲᠡ ᠶᠢᠨ ᠠᠰᠠᠷᠠᠮᠵᠢ ᠶᠢᠨ ᠨᠢᠭᠡᠳᠦᠭᠡᠷ ᠲᠥᠷᠥᠯ ᠤᠨ | ᠠᠵᠢᠯ ᠦᠢᠯᠡᠰ ᠤᠨ ᠨᠢᠭᠡᠴᠢ ᠪᠣᠯᠣᠨ᠎ᠠ᠃ 1. ᠮᠤᠵᠢ᠂ ᠣᠷᠣᠨ ᠤ ᠳᠣᠲᠣᠷᠠᠬᠢ ᠣᠨᠳᠣᠤ ᠭᠠᠵᠠᠷ ᠲᠤ ᠡᠮᠨᠡᠭᠦᠯᠦᠭᠰᠡᠨ ᠵᠠᠷᠤᠳᠠᠯ ᠢ ᠳ᠋ᠦᠩᠨᠡᠨ ᠪᠤᠳᠤᠭᠰᠠᠨ ᠪᠠᠯᠠ | ᠮᠥᠩᠭᠦ ᠶᠢ ᠴᠤᠭᠯᠠᠭᠤᠯᠬᠤ᠂ ᠰᠢᠯᠵᠢᠭᠦᠯᠦᠨ ᠥᠭᠬᠦ᠂ ᠢᠯᠭᠠᠷᠠᠭᠤᠯᠤᠨ ᠪᠤᠳᠤᠬᠤ ᠪᠠ ᠵᠠᠷᠤᠳᠠᠯ ᠤᠨ ᠲᠠᠩᠰᠠ ᠢ ᠬᠠᠷᠭᠤᠭᠤᠯᠬᠤ᠂ ᠬᠢᠨᠠᠨ ᠬᠠᠷᠭᠤᠭᠤᠯᠬᠤ ᠵᠡᠷᠭᠡ | ᠲᠤᠰᠠᠯᠠᠬᠤ ᠴᠢᠨᠠᠷᠲᠠᠶ ᠠᠵᠢᠯ ᠢ ᠡᠭᠦᠷᠭᠡᠯᠡᠨ᠎ᠡ᠃ 2. ᠣᠨᠳᠣᠣ ᠭᠠᠵᠠᠷ ᠲᠤ ᠡᠮᠨᠡᠭᠦᠯᠦᠭᠰᠡᠨ ᠵᠠᠭᠠᠯᠳᠤᠯᠭ᠎ᠠ᠂ ᠢᠯᠡᠴᠢᠯᠡᠨ ᠮᠡᠳᠡᠭᠦᠯᠦᠯᠲᠡ ᠶᠢ ᠬᠦᠯᠢᠶᠡᠨ ᠠᠪᠴᠤ | ᠰᠢᠢᠳᠪᠦᠷᠢᠯᠡᠬᠦ ᠠᠵᠢᠯ ᠢ ᠡᠭᠦᠷᠭᠡᠯᠡᠨ᠎ᠡ︔ ᠣᠨᠳᠣᠤ ᠭᠠᠵᠠᠷ ᠲᠤ ᠡᠮᠨᠡᠭᠦᠯᠬᠦ ᠴᠡᠭ ᠲᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ ᠳᠤ ᠡᠭᠦᠰᠦᠭᠰᠡᠨ ᠵᠠᠷᠤᠳᠠᠯ ᠢ | ᠬᠠᠷᠭᠤᠭᠤᠯᠤᠨ ᠪᠠᠶᠢᠴᠠᠭᠠᠬᠤ ᠠᠵᠢᠯ ᠢ ᠬᠠᠮᠵᠢᠨ ᠥᠷᠨᠢᠭᠦᠯᠦᠨ᠎ᠡ᠃ 3. ᠣᠨᠳᠣᠤ ᠭᠠᠵᠠᠷ ᠲᠤ ᠡᠮᠨᠡᠭᠦᠯᠬᠦ ᠲᠤᠬᠠᠶᠢᠯᠠᠭᠰᠠᠨ ᠠᠵᠢᠯ ᠤᠨ ᠪᠣᠯᠪᠠᠰᠤᠷᠠᠯ ᠪᠠ ᠰᠢᠰᠲ᠋ᠧᠮ ᠤᠨ | ᠠᠵᠢᠯᠯᠠᠭᠠᠨ ᠤ ᠬᠠᠮᠠᠭᠠᠯᠠᠯᠲᠠ ᠶᠢ ᠡᠭᠦᠷᠭᠡᠯᠡᠨ᠎ᠡ᠃ 4. ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠶᠢᠨ ᠲᠤᠰᠢᠶᠠᠭᠰᠠᠨ ᠪᠤᠰᠤᠳ | ᠬᠠᠮᠢᠶ᠎ᠠ ᠪᠥᠬᠦᠶ ᠠᠵᠢᠯ ᠢ ᠡᠭᠦᠷᠭᠡᠯᠡᠨ᠎ᠡ᠃ | ᠪᠠᠶᠢᠭᠤᠯᠤᠮᠵᠢ ᠶᠢᠨ ᠲᠣᠬᠢᠷᠠᠭᠤᠯᠤᠯᠲᠠ᠄ ᠶᠡᠷᠦᠩᠬᠡᠶᠢᠯᠡᠭᠰᠡᠨ ᠰᠠᠯᠠᠭ᠎ᠠ᠂ ᠳ᠋ᠦᠩᠨᠡᠨ ᠪᠤᠳᠤᠬᠤ ᠰᠠᠯᠠᠭ᠎ᠠ᠃ | ᠬᠠᠶ᠋ᠢᠭ᠄ ᠬᠥᠬᠡᠬᠤᠲᠠ ᠶᠢᠨ ᠰᠢᠨ᠎ᠡ ᠬᠤᠲᠠ ᠲᠣᠭᠤᠷᠢᠭ ᠤᠨ ᠰᠢᠨᠬᠤᠸᠠ ᠶᠡᠭᠡ ᠵᠡᠭᠡᠯᠢ ᠶᠢᠨ 53 ᠳ᠋ᠤᠭᠠᠷ ᠲᠣᠭᠠᠲᠤ ︵ᠥᠪᠥᠷ ᠮᠣᠩᠭᠤᠯ ᠤᠨ ᠬᠥᠳᠡᠯᠮᠦᠷᠢ | ᠬᠦᠴᠦᠨ ᠤ ᠵᠠᠬ᠎ᠠ ᠳᠡᠯᠭᠡᠭᠦᠷ ᠤᠨ 4 ᠳ᠋ᠦ᠋ᠭᠡᠷ ᠠᠰᠠᠷ︶ | ᠠᠯᠪᠠᠯᠠᠬᠤ ᠴᠠᠭ᠄ ᠠᠵᠢᠯᠯᠠᠬᠤ ᠡᠳᠦᠷ ᠤᠨ 9᠄ 00 — 12᠄ 00᠂ 13᠄ 30 — 17᠄ 00 | ᠬᠠᠷᠢᠯᠴᠠᠬᠤ ᠠᠷᠭ᠎ᠠ᠄ 0471-6905149 | ᠬᠠᠷᠢᠭᠤᠴᠠᠯᠭᠠᠲᠠᠨ᠄ ᠬᠠᠨ ᠯᠢ ᠫᠢᠩ | |