内蒙古自治区人民政府 365赢多少钱会被限额_国内有真正的365平台吗_365bet博彩官网

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

        365赢多少钱会被限额_国内有真正的365平台吗_365bet博彩官网

        ᠳᠡᠭᠡᠷ᠎ᠡ ᠬᠠᠭᠠᠰ ᠵᠢᠯ ᠳᠤ ᠮᠠᠨ ᠤ ᠤᠷᠤᠨ ᠤ ᠠᠵᠦ ᠠᠬᠤᠢ ᠶᠢᠨ ᠡᠷᠬᠢᠯᠳᠡ ᠳᠤ ᠳᠤᠯᠤᠭᠠᠨ ᠲᠠᠯ᠎ᠠ ᠶᠢᠨ ᠤᠨᠴᠠᠯᠢᠬ ᠢᠯᠡᠷᠡᠵᠡᠢ
        ᠨᠡᠶᠢᠲᠡᠯᠡᠭᠰᠡᠨ ᠴᠠᠭ᠄
        2019/7/22
             ᠰᠤᠷᠪᠤᠯᠵᠢᠯᠠᠭᠴᠢ 7 ᠰᠠᠷ᠎ᠠ ᠶᠢᠨ 17 ᠤ ᠦᠳᠡ ᠶᠢᠨ ᠡᠮᠦᠨ᠎ᠡ ᠦᠪᠡᠷᠳᠡᠬᠡᠨ ᠵᠠᠰᠠᠬᠤ ᠤᠷᠤᠨ ᠤ ᠵᠠᠰᠠᠬ ᠤᠨ ᠤᠷᠳᠤᠨ ᠤ ᠡᠷᠭᠢᠯᠡᠭᠰᠡᠨ ᠰᠤᠨᠢᠨ ᠮᠡᠳᠡᠭᠡ ᠨᠡᠶᠢᠳᠡᠯᠡᠬᠦ ᠬᠤᠷᠠᠯ ᠠᠴᠠ ᠤᠢᠢᠯᠠᠭᠠᠬᠰᠠᠨ ᠢᠶᠠᠷ᠂ ᠡᠨᠡ ᠵᠢᠯ ᠠᠴᠠ ᠨᠠᠭᠠᠰᠢ ᠮᠠᠨ ᠤ ᠤᠷᠤᠨ ᠤ ᠠᠵᠦ ᠠᠬᠤᠢ ᠶᠢᠨ ᠡᠷᠬᠢᠯᠳᠡ ᠦᠷᠬᠦᠯᠵᠢᠯᠡᠨ ᠲᠤᠭᠳᠠᠭᠤᠨ ᠢ ᠪᠠᠳᠤᠯᠠᠵᠤ

        365赢多少钱会被限额_国内有真正的365平台吗_365bet博彩官网

        ᠂ ᠳᠤᠭᠳᠠᠭᠤᠨ ᠤ ᠳᠤᠮᠳᠠ ᠰᠠᠶᠢᠵᠢᠷᠠᠵᠤ᠂ ᠠᠵᠤ ᠦᠢᠯᠡᠰ ᠤᠨ ᠪᠦᠳᠦᠴᠡ ᠴᠢᠨᠠᠭᠰᠢᠳᠠ ᠰᠢᠯᠢᠳᠡᠭᠵᠢᠵᠤ᠂ ᠬᠦᠭᠵᠢᠯᠳᠡ ᠶᠢᠨ ᠶᠠᠰᠤ ᠴᠢᠨᠠᠷ ᠳᠡᠭᠡᠭᠰᠢᠯᠡᠨ᠂ ᠬᠦᠭᠵᠢᠯᠳᠡ ᠶᠢᠨ ᠠᠮᠢᠵᠢᠷᠠᠯ ᠤᠨ ᠬᠦᠴᠦᠨ ᠴᠢᠩᠭᠠᠷᠠᠵᠠᠢ᠃ ᠠᠩᠬ᠎ᠠ ᠠᠯᠬᠤᠮ ᠬᠠᠷᠭᠤᠭᠤᠯᠤᠨ ᠪᠤᠳᠤᠬᠰᠠᠨ ᠢᠶᠠᠷ᠂ ᠳᠡᠭᠡᠷ᠎ᠡ ᠬᠠᠭᠠᠰ ᠵᠢᠯ ᠳᠤ ᠪᠦᠬᠦ ᠤᠷᠤᠨ ᠤ ᠦᠢᠯᠡᠳᠪᠦᠷᠢᠯᠡᠯ ᠤᠨ ᠶᠡᠷᠦᠩᠬᠡᠢ ᠦᠷᠳᠡᠭ 8266.7 ᠳ᠋ᠦᠩᠰᠢᠭᠤᠷ ᠲᠦᠬᠦᠷᠢᠭ ᠲᠤ ᠬᠦᠷᠴᠤ᠂ ᠬᠠᠷᠢᠴᠠᠭᠤᠯᠵᠦ ᠪᠤᠯᠬᠤ ᠦᠨ᠎ᠠ ᠬᠠᠩᠰᠢ ᠪᠠᠷ ᠪᠤᠳᠤᠪᠠᠯ᠂ ᠨᠢᠳᠤᠨᠤᠨ  ᠤ ᠠᠳᠠᠯᠢ ᠬᠤᠭᠤᠴᠠᠭ᠎ᠠ ᠶᠢᠨ ᠬᠢ ᠠᠴᠠ 5.5% ᠪᠠᠷ ᠨᠡᠮᠡᠭᠳᠡᠵᠦ᠂ ᠠᠵᠦ ᠠᠬᠤᠢ ᠶᠢᠨ ᠡᠷᠬᠢᠯᠳᠡ ᠳᠤ ᠭᠤᠤᠯᠳᠠᠭᠤ ᠳᠤᠤᠷᠠᠬᠢ ᠳᠤᠯᠤᠭᠠᠨ ᠲᠠᠯ᠎ᠠ ᠶᠢᠨ ᠤᠨᠴᠠᠯᠢᠬ ᠢᠯᠡᠷᠡᠵᠡᠢ᠃      — ᠮᠠᠯ ᠠᠵᠤ ᠠᠬᠤᠢ ᠲᠠᠷᠢᠶᠠᠯᠠᠩ ᠳᠤᠭᠳᠠᠭᠤᠨ ᠢᠶᠠᠷ ᠨᠡᠮᠡᠭᠳᠡᠨ᠂ ᠲᠠᠷᠢᠮᠠᠯ ᠤᠨ ᠪᠦᠲᠦᠴᠡ ᠳᠠᠰᠤᠷᠠᠯᠳᠠ ᠦᠭᠡᠢ ᠰᠢᠯᠢᠳᠡᠭᠵᠢᠵᠦ᠂ ᠳᠡᠭᠡᠷ᠎ᠡ ᠬᠠᠭᠠᠰ ᠵᠢᠯ ᠳᠤ ᠪᠦᠬᠦ ᠤᠷᠤᠨ ᠤ ᠪᠡᠶᠡᠯᠡᠬᠦᠯᠦᠭᠰᠡᠨ ᠮᠠᠯ ᠠᠵᠤ ᠠᠬᠤᠢ ᠲᠠᠷᠢᠶᠠᠯᠠᠩ ᠤᠢ ᠰᠢᠭᠤᠢ ᠵᠢᠭᠠᠰᠤᠨ ᠤ ᠦᠢᠯᠡᠰ ᠤᠨ ᠦᠢᠯᠡᠳᠪᠤᠷᠢᠯᠡᠯ ᠤᠨ ᠶᠡᠷᠦᠩᠬᠡᠢ ᠦᠷᠳᠡᠭ 620.0 ᠳ᠋ᠦᠡᠭᠰᠢᠭᠤᠷ ᠲᠦᠬᠦᠷᠢᠭ ᠲᠤ ᠬᠦᠷᠴᠤ᠂ ᠬᠠᠷᠢᠴᠠᠭᠤᠯᠵᠤ ᠪᠤᠯᠬᠤ ᠦᠨ᠎ᠡ ᠬᠠᠨᠭ᠍ᠰᠢ ᠪᠠᠷ ᠪᠤᠳᠤᠪᠠᠯ᠂ ᠨᠢᠳᠤᠨᠤᠨ ᠤ ᠠᠳᠠᠯᠢ ᠬᠤᠭᠤᠴᠠᠭ᠎ᠠ ᠶᠢᠨ ᠬᠢ ᠠᠴᠠ 1.8% ᠪᠠᠷ ᠨᠡᠮᠡᠭᠳᠡᠪᠡ᠃      — ᠠᠵᠦ ᠦᠢᠯᠡᠳᠪᠦᠷᠢ ᠶᠢᠨ ᠦᠢᠯᠡᠳᠪᠦᠷᠢᠯᠡᠯ ᠳᠤᠭᠳᠠᠭᠤᠨ ᠤ ᠳᠤᠮᠳᠠ ᠳᠡᠭᠡᠭᠰᠢᠯᠡᠵᠤ᠂ ᠰᠢᠨ᠎ᠡ ᠬᠦᠳᠡᠯᠬᠡᠬᠦ ᠬᠦᠴᠦᠨ ᠦᠷᠬᠦᠯᠵᠢᠯᠡᠨ ᠴᠢᠩᠭᠠᠷᠠᠵᠤ᠂ ᠳᠡᠭᠡᠷ᠎ᠡ ᠬᠠᠭᠠᠰ ᠵᠢᠯ ᠳᠤ ᠪᠦᠬᠦ ᠤᠷᠤᠨ ᠤ ᠬᠡᠪᠴᠢᠶᠡᠵᠢᠯ ᠠᠴᠠ ᠲᠡᠭᠡᠭᠰᠢᠬᠢ ᠠᠵᠦ ᠦᠢᠯᠡᠳᠪᠦᠷᠢ ᠶᠢᠨ ᠨᠡᠮᠡᠭᠳᠡᠯ ᠦᠷᠳᠡᠭ ᠨᠢᠳᠤᠨᠤᠨ ᠤ ᠠᠳᠠᠯᠢ ᠬᠤᠭᠤᠴᠠᠭ᠎ᠠ ᠶᠢᠨ ᠬᠢ ᠠᠴᠠ 7.1% ᠪᠠᠷ ᠨᠡᠮᠡᠭᠳᠡᠵᠦ᠂ ᠨᠡᠮᠡᠭᠳᠡᠯ ᠤᠨ ᠬᠤᠷᠳᠤᠴᠠ ᠨᠢ ᠨᠢᠭᠡᠳᠤᠭᠡᠷ ᠤᠯᠠᠷᠢᠯ ᠤᠨ ᠬᠢ ᠠᠴᠠ ᠵᠠᠭᠤᠨ ᠤ ᠬᠠᠷᠢᠴᠠᠯ ᠢᠶᠠᠷ 0.5 ᠲᠦᠷᠭᠡᠳᠴᠤ᠂ ᠨᠢᠳᠤᠨᠤᠨ ᠤ ᠠᠳᠠᠯᠢ ᠬᠤᠭᠤᠴᠠᠭ᠎ᠠ ᠶᠢᠨ ᠬᠢ ᠠᠴᠠ ᠵᠠᠭᠤᠨ ᠤ ᠬᠠᠷᠢᠴᠠᠯ ᠢᠶᠠᠷ 1.3 ᠬᠤᠪᠢ ᠲᠦᠷᠭᠡᠳᠴᠤ᠂ ᠡᠨᠧᠷᠬᠢ ᠶᠢᠨ ᠠᠵᠤ ᠦᠢᠯᠡᠳᠪᠦᠷᠢ᠂ ᠳᠡᠮᠦᠷᠯᠢᠭ ᠬᠠᠶᠢᠯᠤᠭᠤᠯᠬᠤ ᠪᠠᠷᠢᠯᠭ᠎ᠠ ᠶᠢᠨ ᠮᠠᠲ᠋ᠧᠷᠢᠶᠠᠯ ᠤᠨ ᠠᠵᠤ ᠦᠢᠯᠡᠳᠪᠦᠷᠢ ᠵᠡᠷᠭᠡ ᠳᠠᠪᠠᠭᠤᠯᠢᠭ ᠤᠨᠴᠠᠯᠢᠭᠳᠤ ᠠᠵᠤ ᠦᠢᠯᠡᠰ ᠤᠨ ᠨᠡᠮᠡᠭᠳᠡᠯ ᠦᠷᠳᠡᠭ ᠤᠨ ᠨᠡᠮᠡᠭᠳᠡᠯ ᠤᠨ ᠬᠤᠷᠳᠤᠴᠠ ᠮᠡᠳᠡᠭᠳᠡᠮ᠎ᠡ ᠲᠦᠷᠬᠡᠳᠴᠤ᠂ ᠠᠵᠤ ᠦᠢᠯᠡᠳᠪᠦᠷᠢ ᠶᠢᠨ ᠬᠡᠯᠪᠡᠷᠢ ᠪᠠᠨ ᠬᠤᠪᠢᠷᠠᠭᠤᠯᠵᠤ ᠳᠡᠰ ᠳᠡᠪᠰᠢᠬᠦᠯᠬᠦ ᠨᠢ ᠦᠷᠬᠦᠯᠵᠢᠯᠡᠨ ᠠᠬᠢᠵᠤ᠂ ᠦᠢᠯᠡᠳᠬᠦ ᠦᠢᠯᠡᠰ ᠤᠨ ᠨᠡᠮᠡᠭᠳᠡᠯ ᠦᠷᠳᠡᠭ  ᠤᠨ ᠨᠡᠮᠡᠭᠳᠡᠯ ᠤᠨ ᠬᠤᠷᠳᠤᠴᠠ ᠪᠠᠳᠤᠯᠠᠭᠰᠠᠨ ᠪᠠᠶᠢᠨ᠎ᠠ᠃      — ᠦᠢᠯᠡᠴᠢᠯᠡᠬᠡᠨ ᠤ ᠦᠢᠯᠡᠰ ᠳᠤᠭᠳᠠᠭᠤᠨ ᠢᠶᠠᠷ ᠨᠡᠮᠡᠭᠳᠡᠵᠤ᠂ ᠰᠢᠨ᠎ᠡ ᠪᠠᠷ ᠮᠠᠨᠳᠤᠭᠰᠠᠨ ᠦᠢᠯᠡᠴᠢᠯᠡᠭᠡᠨ ᠤ ᠦᠢᠯᠡᠰ ᠨᠡᠯᠢᠶᠡᠳ ᠲᠦᠷᠭᠡᠨ ᠬᠦᠭᠵᠢᠵᠤ᠂ ᠳᠡᠭᠡᠷ᠎ᠡ ᠬᠠᠭᠠᠰ ᠵᠢᠯ ᠳᠤ ᠪᠦᠬᠦ ᠤᠷᠤᠨ ᠤ ᠭᠤᠷᠪᠠᠳᠤᠭᠠᠷ ᠠᠵᠦ ᠦᠢᠯᠡᠰ ᠤᠨ GDP ᠤᠨ ᠨᠡᠮᠡᠭᠳᠡᠯ ᠳᠠᠬᠢ ᠬᠤᠪᠢ ᠨᠡᠮᠡᠷᠢ ᠶᠢᠨ ᠨᠤᠷᠮ᠎ᠠ ᠨᠢ 50.0% ᠲᠤ ᠬᠦᠷᠴᠤ᠂ ᠬᠡᠷᠡᠭᠯᠡᠭᠡ ᠶᠢᠨ ᠲᠡᠰ ᠲᠡᠪᠰᠢᠭᠰᠡᠨ ᠲᠦᠷᠦᠯ ᠤᠨ ᠲᠠᠸᠠᠷ ᠤᠨ ᠪᠤᠷᠤᠯᠠᠭᠤᠯᠤᠯᠳᠠ ᠨᠢ ᠨᠡᠯᠢᠶᠡᠳ ᠲᠦᠷᠬᠡᠨ ᠨᠡᠮᠡᠭᠳᠡᠵᠦ᠂ ᠵᠢᠭᠤᠯᠴᠢᠯᠠᠯ ᠤᠨ ᠦᠢᠯᠡᠰ ᠤᠨ ᠬᠦᠭᠵᠢᠯᠳᠡ ᠶᠢᠨ ᠬᠠᠨᠳᠤᠰᠢ ᠨᠡᠯᠢᠶᠡᠳ ᠰᠠᠶᠢᠨ ᠪᠠᠶᠢᠵᠤ᠂ ᠰᠢᠨ᠎ᠡ ᠪᠠᠷ ᠮᠠᠨᠳᠤᠭᠰᠠᠨ ᠦᠢᠯᠡᠴᠢᠯᠡᠭᠡ ᠶᠢᠨ ᠦᠢᠯᠡᠰ ᠤᠨ ᠭᠦᠭᠵᠢᠯᠳᠠ ᠨᠡᠯᠢᠶᠡᠳ ᠰᠠᠶᠢᠨ ᠪᠠᠶᠢᠨ᠎ᠠ᠃      — ᠪᠡᠯᠡ ᠤᠷᠤᠭᠤᠯᠤᠯᠳᠠ ᠶᠢᠨ ᠨᠡᠮᠡᠭᠳᠡᠯ ᠤᠨ ᠬᠤᠷᠳᠤᠴᠠ ᠳᠤᠭᠳᠠᠭᠤᠨ ᠤ ᠳᠤᠮᠳᠠ ᠳᠡᠭᠡᠭᠰᠢᠯᠡᠵᠦ᠂ ᠪᠦᠳᠦᠴᠡ ᠨᠢ ᠤᠯᠠᠮ ᠨᠢᠭᠡ ᠠᠯᠬᠤᠮ ᠰᠢᠯᠢᠳᠡᠭᠵᠢᠵᠦ᠂ ᠳᠡᠭᠡᠷ᠎ᠡ ᠬᠠᠭᠠᠰ ᠵᠢᠯ ᠳᠤ ᠪᠦᠬᠦ ᠣᠷᠣᠨ ᠤ 500 ᠲᠦᠮᠡᠡ ᠲᠦᠬᠦᠷᠢᠭ ᠠᠴᠠ ᠲᠡᠭᠡᠭᠰᠢᠬᠢ ᠲᠥᠷᠥᠯ ᠵᠦᠢᠯ ᠤᠨ ᠳᠤᠭᠳᠠᠮᠠᠯ ᠬᠦᠷᠦᠩᠭᠡ ᠶᠢᠨ ᠪᠡᠯᠡ ᠤᠷᠤᠭᠤᠯᠤᠯᠳᠠ ᠨᠢᠳᠤᠨᠤᠨ ᠤ ᠠᠳᠠᠯᠢ ᠬᠤᠭᠤᠴᠠᠭ᠎ᠠ ᠶᠢᠨ ᠬᠢ ᠠᠴᠠ 0.4% ᠪᠠᠷ ᠨᠡᠮᠡᠭᠳᠡᠵᠦ᠂ ᠭᠤᠷᠪᠠᠳᠤᠭᠠᠷ ᠠᠵᠤ ᠦᠢᠯᠡᠰ ᠤᠨ ᠪᠡᠯᠡ ᠤᠷᠤᠭᠤᠯᠤᠯᠳᠡ ᠶᠢᠨ ᠪᠦᠬᠦ ᠪᠡᠯᠡ ᠤᠷᠤᠭᠤᠯᠤᠯᠳᠠ ᠳᠤ ᠡᠵᠡᠯᠡᠬᠦ ᠬᠤᠪᠢ ᠶᠢᠨ ᠵᠢᠩ ᠨᠢ 56.2% ᠲᠤ ᠬᠦᠷᠴᠤ᠂ ᠳᠡᠭᠡᠳᠤ ᠰᠢᠨᠵᠢᠯᠡᠬᠦ ᠤᠬᠠᠭᠠᠨ ᠮᠡᠷᠭᠡᠵᠢᠯ ᠤᠨ ᠦᠢᠯᠡᠴᠢᠯᠡᠭᠡᠨ ᠤ ᠦᠢᠯᠡᠰ ᠤᠨ ᠪᠡᠯᠡ ᠤᠷᠤᠭᠤᠯᠤᠯᠳᠠ ᠨᠢᠳᠤᠨᠤᠨ ᠤ ᠠᠳᠠᠯᠢ ᠬᠤᠭᠤᠴᠠᠭ᠎ᠠ ᠶᠢᠨ ᠬᠢ ᠠᠴᠠ 17.4% ᠪᠠᠷ ᠨᠡᠮᠡᠭᠳᠡᠵᠦ᠂ ᠡᠷᠡᠭᠦᠯ ᠴᠢᠬᠢᠷᠠᠭ ᠤᠨ ᠦᠢᠯᠡᠴᠢᠯᠡᠭᠡᠨ ᠤ ᠦᠢᠯᠡᠰ ᠤᠨ ᠪᠡᠯᠡ ᠤᠷᠤᠭᠤᠯᠤᠯᠳᠠ ᠨᠢᠳᠤᠨᠤᠨ ᠤ ᠠᠳᠠᠯᠢ ᠬᠤᠭᠤᠴᠠᠭ᠎ᠠ ᠶᠢᠨ ᠬᠢ ᠠᠴᠠ 21.7% ᠪᠠᠷ ᠨᠡᠮᠡᠭᠳᠡᠵᠤ᠂ ᠪᠦᠬᠦ ᠣᠷᠣᠨ ᠤ ᠭᠡᠷ ᠭᠠᠵᠠᠷ ᠬᠦᠷᠦᠩᠭᠡ ᠶᠢᠨ ᠨᠡᠭᠡᠭᠡᠯᠳᠡ ᠶᠢᠨ ᠪᠡᠯᠡ ᠤᠷᠤᠭᠤᠯᠤᠯᠳᠠ 361.0 ᠳ᠋ᠦᠩᠰᠢᠭᠤᠷ ᠲᠥᠭᠦᠷᠢᠭ ᠲᠤ ᠬᠦᠷᠴᠤ᠂ ᠨᠢᠳᠤᠨᠤᠨ ᠤ ᠠᠳᠠᠯᠢ ᠬᠤᠭᠤᠴᠠᠭ᠎ᠠ ᠶᠢᠨ ᠬᠢ ᠠᠴᠠ 5.8% ᠪᠠᠷ ᠨᠡᠮᠡᠭᠳᠡᠵᠦ᠂ ᠬᠤᠳᠠᠯᠳᠤᠭᠠᠨ ᠤ ᠠᠰᠠᠷ ᠪᠠᠶᠢᠰᠢᠩ ᠤᠨ ᠪᠤᠷᠤᠯᠠᠭᠤᠯᠤᠯᠳᠠ ᠶᠢᠨ ᠨᠣᠷᠮ᠎ᠠ 372.3 ᠳ᠋ᠦᠩᠰᠢᠭᠤᠷ ᠲᠥᠭᠦᠷᠢᠭ ᠲᠤ ᠬᠦᠷᠴᠤ᠂ 2.2% ᠢᠶᠠᠷ ᠨᠡᠮᠡᠭᠳᠡᠵᠠᠢ᠃      — ᠰᠠᠭᠤᠭᠠᠯᠢ ᠠᠷᠠᠳ ᠤᠨ ᠬᠡᠷᠡᠭᠯᠡᠭᠡᠨ ᠤ ᠦᠨ᠎ᠡ ᠬᠠᠩᠰᠢ ᠪᠠᠭ᠎ᠠ ᠥᠰᠴᠤ᠂ ᠠᠵᠤ ᠦᠢᠯᠡᠳᠪᠦᠷᠢ ᠶᠢᠨ ᠦᠢᠯᠡᠳᠪᠦᠷᠢᠯᠡᠭᠴᠢ ᠶᠢᠨ ᠦᠨ᠎ᠡ ᠬᠠᠩᠰᠢ ᠳᠤᠭᠳᠠᠭᠤᠨ ᠢᠶᠠᠷ ᠳᠡᠭᠡᠭᠰᠢᠯᠡᠵᠤ᠂ ᠳᠡᠭᠡᠷ᠎ᠡ ᠬᠠᠭᠠᠰ ᠵᠢᠯ ᠳᠤ ᠪᠦᠬᠦ ᠣᠷᠣᠨ ᠤ ᠰᠠᠭᠤᠭᠠᠯᠢ ᠠᠷᠠᠳ ᠤᠨ ᠬᠡᠷᠡᠭᠯᠡᠭᠡᠨ ᠤ ᠦᠨ᠎ᠡ ᠬᠠᠩᠰᠢ ᠨᠢᠳᠤᠨᠤᠨ ᠤ ᠠᠳᠠᠯᠢ ᠬᠤᠭᠤᠴᠠᠭ᠎ᠠ ᠶᠢᠨ ᠬᠢ ᠠᠴᠠ 2.0% ᠢᠶᠠᠷ ᠨᠡᠮᠡᠭᠳᠡᠵᠦ᠂ ᠥᠰᠦᠯᠲᠡ ᠶᠢᠨ ᠬᠡᠮᠵᠢᠶ᠎ᠡ ᠨᠢ ᠪᠦᠬᠦ ᠤᠯᠤᠰ ᠤᠨ ᠳᠤᠮᠳᠠᠴᠢ ᠲᠦᠪᠰᠢᠨ ᠠᠴᠠ ᠵᠠᠭᠤᠨ ᠤ ᠬᠠᠷᠢᠴᠠᠯ ᠢᠶᠠᠷ 0.2 ᠬᠤᠪᠢ ᠳᠤᠤᠷ᠎ᠠ ᠪᠠᠶᠢᠪᠡ᠃      — ᠰᠠᠭᠤᠭᠠᠯᠢ ᠠᠷᠠᠳ ᠤᠨ ᠣᠷᠣᠯᠭ᠎ᠠ ᠳᠤᠭᠳᠠᠭᠤᠨ ᠢᠶᠠᠷ ᠨᠡᠮᠡᠭᠳᠡᠵᠤ᠂ ᠬᠤᠳᠠ ᠬᠥᠳᠡᠭᠡ ᠶᠢᠨ ᠤᠷᠤᠯᠭ᠎ᠠ ᠶᠢᠨ ᠵᠥᠷᠢᠶ᠎ᠡ ᠦᠷᠭᠦᠯᠵᠢᠯᠡᠨ ᠪᠠᠭᠠᠰᠴᠤ᠂ ᠳᠡᠭᠡᠷ᠎ᠡ ᠬᠠᠭᠠᠰ ᠵᠢᠯ ᠲᠤ ᠪᠦᠬᠦ ᠣᠷᠣᠨ ᠤ ᠰᠠᠭᠤᠭᠠᠯᠢ ᠠᠷᠠᠳ ᠤᠨ ᠬᠥᠮᠦᠨ ᠳᠤᠮᠳᠠᠴᠢ ᠶᠢᠨ ᠡᠵᠡᠮᠳᠡᠵᠦ ᠪᠤᠯᠬᠤ ᠣᠷᠣᠯᠭ᠎ᠠ 14548 ᠲᠥᠭᠦᠷᠢᠭ ᠲᠤ ᠬᠦᠷᠴᠤ᠂ ᠨᠢᠳᠤᠨᠤᠨ  ᠤ ᠠᠳᠠᠯᠢ ᠬᠤᠭᠤᠴᠠᠭ᠎ᠠ ᠶᠢᠨ ᠬᠢ ᠠᠴᠠ 7.5% ᠪᠠᠷ ᠨᠡᠮᠡᠭᠳᠡᠵᠡᠢ᠃      — ᠬᠠᠩᠭᠠᠯᠭ᠎ᠠ ᠶᠢᠨ ᠲᠠᠯ᠎ᠠ ᠶᠢᠨ ᠪᠦᠳᠦᠴᠡ ᠶᠢᠨ ᠴᠢᠨᠠᠷᠳᠡᠢ ᠥᠭᠡᠷᠡᠴᠢᠯᠡᠯᠳᠡ ᠯᠠᠪᠳᠠᠭᠤᠨ ᠪᠠᠳᠤᠳᠠᠢ ᠠᠬᠢᠵᠦ ︽ᠬᠦᠰᠢᠬᠦᠷᠭᠡ ᠶᠢ ᠪᠠᠭᠠᠰᠬᠠᠬᠤ᠂ ᠬᠦᠮᠦᠷᠭᠡᠯᠡᠯᠳᠡ ᠶᠢ ᠪᠠᠭᠠᠰᠬᠠᠬᠤ᠂ ᠥᠪᠡᠷ ᠤᠨ ᠦᠷᠳᠡᠭ ᠢ ᠪᠠᠭᠤᠷᠠᠭᠤᠯᠬᠤ᠂ ᠳᠤᠳᠠᠭᠤᠳᠠᠯ ᠢ ᠨᠥᠬᠦᠪᠥᠷᠢᠯᠡᠬᠦ︾ ᠲᠠᠯ᠎ᠠ ᠪᠠᠷ ᠰᠢᠨ᠎ᠡ ᠠᠬᠢᠴᠠ ᠲᠠᠢ ᠪᠣᠯᠤᠭᠰᠠᠨ ᠪᠠᠶᠢᠨ᠎ᠠ
        ᠢᠷᠡᠯᠲᠡ᠄ ᠥᠪᠥᠷ ᠮᠣᠩᠭᠤᠯ ᠤᠨ ᠡᠳᠦᠷ  ᠤᠨ ᠰᠣᠨᠢᠨ