1. ᠭᠡᠮ ᠤᠨ ᠬᠥᠨᠥᠭᠡᠯ ᠠᠴᠠ ᠪᠣᠯᠵᠤ ᠦᠬᠦᠬᠦ | ᠰᠢᠯᠲᠠᠭᠠᠨ᠄ ᠭᠤᠣᠯᠳᠠᠭᠤ ᠲᠠᠷᠢᠬᠤ ᠠᠴᠠ ᠡᠮᠦᠨ᠎ᠡ ᠴᠢᠬᠢ ᠶᠢᠨ ᠬᠠᠰᠢᠯᠭ᠎ᠠ᠂ ᠲᠡᠵᠢᠭᠡᠯᠲᠦ ᠬᠦᠷᠦᠰᠦ ᠶᠢ ᠠᠷᠢᠭᠤᠳᠬᠠᠭᠰᠠᠨ ᠦᠭᠡᠢ ᠪᠤᠶᠤ ᠠᠷᠢᠭᠤᠳᠬᠠᠭᠰᠠᠨ | ᠨᠢ ᠲᠦᠢᠯᠪᠤᠷᠢᠲᠠᠢ ᠪᠤᠰᠤ᠂ ᠴᠢᠬᠢᠯᠡᠭᠰᠡᠨ ᠤ ᠳᠠᠷᠠᠭ᠎ᠠ ᠳᠠᠷᠤᠢ ᠳᠤᠨᠢ ᠡᠮ ᠰᠦᠷᠴᠢᠭᠰᠡᠨ ᠦᠭᠡᠢ᠂ ᠴᠢᠬᠢ ᠶᠢᠨ ᠬᠠᠰᠢᠯᠭ᠎ᠠ ᠶᠢᠨ ᠳᠤᠯᠠᠭᠠᠨ᠂ ᠴᠢᠬᠢᠭ ᠤᠨ | ᠬᠠᠮᠢᠶᠠᠷᠤᠯᠳᠠ ᠵᠣᠬᠢᠰ ᠦᠭᠡᠢ ᠵᠡᠷᠭᠡ ᠠᠴᠠ ᠦᠨᠳᠦᠰᠦ ᠢᠯᠵᠠᠷᠠᠬᠤ ᠭᠡᠮ᠂ ᠬᠤᠪᠠᠭ᠋ᠠᠶᠢᠷᠠᠬᠤ ᠭᠡᠮ ᠡᠭᠦᠰᠬᠦ ᠪᠤᠯᠤᠨ᠎ᠠ᠃ | ᠰᠡᠷᠭᠡᠶᠢᠯᠡᠬᠦ ᠠᠷᠭ᠎ᠠ᠄ ① ᠲᠡᠭᠰᠢ ᠳᠥᠷᠪᠡᠯᠵᠢᠨ ᠮᠧᠲᠷ ᠪᠦᠷᠢ ᠴᠢᠬᠢ ᠶᠢᠨ ᠬᠠᠰᠢᠯᠭ᠎ᠠ ᠳᠤ 8~10 ᠭᠷᠡᠮ 50% ᠶᠢᠨ ᠳ᠋ᠦᠸᠧ ᠵᠢᠶᠦ᠋ᠨ ᠯᠢᠩ ︵多菌 | 灵︶ ᠪᠤᠶᠤ 1 ᠭᠷᠡᠮ ᠯᠢᠦᠢ ᠾᠧᠩ ᠨᠢᠭᠡᠳᠦᠭᠡᠷ ᠨᠤᠮᠧᠷ ︵绿亨一号︶ ᠢ ᠵᠣᠬᠢᠬᠤ ᠨᠠᠷᠢᠨ ᠬᠠᠭᠤᠷᠠᠢ ᠰᠢᠷᠣᠢ ᠲᠠᠢ ᠬᠤᠯᠢᠵᠦ ᠲᠠᠲᠠᠭᠠᠯ ᠳᠡᠭᠡᠷ᠎ᠡ ᠵᠢᠭᠳᠡ | ᠰᠠᠴᠤᠵᠦ᠂ ᠬᠦᠷᠦᠰᠦ ᠶᠢ ᠤᠷᠪᠠᠭᠤᠯᠤᠨ ᠵᠢᠭᠳᠡ ᠬᠤᠯᠢᠭᠰᠠᠨ ᠤ ᠳᠠᠷᠠᠭ᠎ᠠ ᠲᠠᠷᠢᠨ᠎ᠠ᠃ ᠲᠡᠵᠢᠭᠡᠯᠳᠦ ᠬᠦᠷᠦᠰᠦ ᠶᠢ ᠨᠠᠶᠢᠷᠠᠭᠤᠯᠬᠤ ᠦᠶᠡᠰ᠂ ᠲᠡᠭᠰᠢ ᠲᠦᠷᠪᠡᠯᠵᠢᠨ 365赢多少钱会被限额_国内有真正的365平台吗_365bet博彩官网 | ᠮᠧᠲᠷ ᠪᠦᠷᠢ ᠲᠡᠵᠢᠭᠡᠯᠳᠦ ᠬᠦᠷᠦᠰᠦᠨ ᠳᠤ 80~100 ᠭᠷᠡᠮ 50% ᠶᠢᠨ ᠳ᠋ᠦᠸᠧ ᠵᠢᠶᠦ᠋ᠨ ᠯᠢᠩ ᠪᠤᠶᠤ 5 ᠭᠷᠡᠮ ᠯᠢᠦᠢ ᠾᠧᠩ ᠨᠢᠭᠡᠳᠦᠭᠡᠷ ᠨᠣᠮᠧᠷ ᠢ ᠨᠡᠮᠡᠵᠦ᠂ | ᠵᠢᠭᠳᠡ ᠬᠤᠯᠢᠭᠰᠠᠨ ᠤ ᠳᠠᠷᠠᠭ᠎ᠠ ᠲᠡᠵᠢᠭᠡᠯ ᠤᠨ ᠤᠭᠤᠷ ᠲᠤ ᠰᠠᠪᠠᠯᠠᠨ᠎ᠠ᠃ ② 75% ᠶᠢᠨ ᠴᠢᠬᠢ ᠬᠦᠷᠦᠰᠦᠨ ᠠᠴᠠ ᠰᠣᠶᠣᠭᠠᠯᠠᠨ ᠭᠠᠷᠤᠭᠰᠠᠨ ᠤ ᠳᠠᠷᠠᠭ᠎ᠠ᠂ | 50% ᠶᠢᠨ ᠳ᠋ᠦᠸᠧ ᠵᠢᠶᠦ᠋ᠨ ᠯᠢᠩ ᠢ 500 ᠳᠠᠬᠢᠨ ᠰᠢᠩᠭᠡᠯᠡᠨ ᠰᠦᠷᠴᠢᠵᠦ ᠪᠠᠺᠲ᠋ᠧᠷᠢ ᠶᠢ ᠠᠯᠠᠵᠤ ᠭᠡᠮ ᠤᠨ ᠬᠦᠨᠦᠭᠡᠯ ᠠᠴᠠ ᠰᠡᠷᠭᠡᠶᠢᠯᠡᠨ᠎ᠡ᠂ ᠳᠠᠷᠠᠭ᠎ᠠ ᠪᠠᠷ | 7~10 ᠡᠳᠦᠷ ᠲᠤ ᠨᠢᠭᠡ ᠤᠳᠠᠭ᠎ᠠ ᠰᠦᠷᠴᠢᠵᠦ᠂ ᠴᠠᠭ ᠲᠤᠬᠠᠢ ᠳᠤᠨᠢ ᠰᠠᠯᠬᠢ ᠨᠡᠪᠲᠡᠷᠡᠭᠦᠯᠦᠨ ᠠᠭᠠᠷ ᠰᠣᠯᠢᠯᠴᠠᠭᠤᠯᠵᠤ᠂ ᠴᠢᠬᠢ ᠶᠢᠨ ᠬᠠᠰᠢᠯᠭ᠎ᠠ ᠴᠢᠬᠢᠭᠲᠦᠵᠦ᠂ | ᠴᠢᠬᠢᠭ ᠶᠡᠬᠡᠲᠦᠵᠦ ᠭᠡᠮ ᠤᠨ ᠬᠦᠨᠦᠭᠡᠯ ᠡᠭᠦᠰᠬᠦ ᠠᠴᠠ ᠰᠡᠷᠭᠡᠶᠢᠯᠡᠨ᠎ᠡ᠃ | 2. ᠬᠤᠷᠣᠬᠠᠢ ᠶᠢᠨ ᠬᠦᠨᠦᠭᠡᠯ ᠠᠴᠠ ᠪᠣᠯᠵᠤ ᠦᠬᠦᠬᠦ | ᠰᠢᠯᠲᠠᠭᠠᠨ᠄ ᠴᠢᠬᠢ ᠶᠢᠨ ᠬᠠᠰᠢᠯᠭ᠎ᠠ ᠶᠢᠨ ᠬᠦᠷᠦᠰᠦᠨ ᠳᠤ ᠦᠳᠦᠭ ᠬᠤᠷᠣᠬᠠᠢ᠂ ᠯᠠᠭᠤ᠂ ᠴᠢᠬᠢᠭ ᠤᠨ ᠤᠯᠠᠭᠠᠨ ᠬᠤᠷᠣᠬᠠᠢ ᠵᠡᠷᠭᠡ ᠭᠠᠵᠠᠷ ᠳᠤᠤᠷᠠᠭᠢ | ᠬᠥᠨᠥᠭᠡᠯᠲᠦ ᠬᠤᠷᠣᠬᠠᠢ ᠶᠡᠬᠡᠪᠡᠷ ᠡᠭᠦᠰᠪᠡᠯ ᠴᠢᠬᠢ ᠦᠬᠦᠬᠦ ᠪᠣᠯᠣᠨ᠎ᠠ᠃ | ᠰᠡᠷᠭᠡᠶᠢᠯᠡᠬᠦ ᠠᠷᠭ᠎ᠠ᠄ 80% ᠶᠢᠨ ᠳ᠋ᠢ ᠳ᠋ᠢ ᠸᠧᠢ ︵敌敌畏︶ ᠶᠢᠨ ᠴᠠᠶᠢᠳᠡᠮᠯᠢᠭ ᠰᠢᠩᠭᠡᠨ ᠢ 1000 ᠲᠠᠬᠢᠨ ᠰᠢᠩᠭᠡᠯᠡᠨ ᠴᠢᠬᠢ ᠶᠢᠨ ᠬᠠᠰᠢᠯᠭ᠎ᠠ | ᠳᠤ ᠰᠦᠷᠴᠢᠵᠦ᠂ ᠦᠳᠦᠭ ᠬᠤᠷᠣᠬᠠᠢ ᠠᠴᠠ ᠰᠡᠷᠭᠡᠶᠢᠯᠡᠨ᠎ᠡ︔ 80% ᠶᠢᠨ ᠳ᠋ᠢ ᠳ᠋ᠢ ᠸᠧᠢ ᠶᠢᠨ ᠴᠠᠶᠢᠳᠡᠮᠯᠢᠭ ᠰᠢᠩᠭᠡᠨ ᠢ 100 ᠲᠠᠬᠢᠨ ᠰᠢᠩᠭᠡᠯᠡᠬᠦ ᠪᠤᠶᠤ 50% | ᠶᠢᠨ ᠣᠺᠲ᠋ᠠ ᠬᠦᠬᠦᠷᠲᠦ ᠹᠤᠰᠹᠤᠷ ︵辛硫磷︶ ᠤᠨ ᠴᠠᠶᠢᠳᠡᠮᠯᠢᠭ ᠰᠢᠩᠭᠡᠨ ᠢ 50 ᠳᠠᠬᠢᠨ ᠰᠢᠩᠭᠡᠯᠡᠵᠦ ᠬᠠᠭᠤᠷᠠᠭᠰᠠᠨ ᠳ᠋ᠸᠤᠪᠢᠩ᠂ ᠬᠡᠪᠡᠭ ᠵᠡᠷᠭᠡ ᠲᠠᠢ | ᠬᠤᠯᠢᠵᠦ ᠬᠤᠣᠷᠲᠤ ᠥᠭᠶᠥᠭᠡ ᠪᠤᠯᠭᠠᠭᠠᠳ ᠴᠢᠬᠢ ᠶᠢᠨ ᠬᠠᠰᠢᠯᠭ᠎ᠠ ᠶᠢᠨ ᠭᠠᠳᠠᠷᠭᠤ ᠳᠤ ᠰᠠᠴᠤᠪᠠᠯ ᠯᠠᠭᠤ ᠶᠢ ᠠᠯᠠᠵᠦ ᠴᠢᠳᠠᠨ᠎ᠠ︔ 50% ᠶᠢᠨ ᠤᠺᠠᠲ᠋ᠠ ᠬᠦᠬᠦᠷᠲᠦ | ᠹᠤᠰᠹᠤᠷ ᠤᠨ ᠴᠠᠶᠢᠳᠡᠮᠯᠢᠭ ᠰᠢᠩᠭᠡᠨ ᠢ 1000 ᠳᠠᠬᠢᠨ ᠰᠢᠩᠭᠡᠯᠡᠬᠦ ᠪᠤᠶᠤ 48% ᠶᠢᠨ ᠯᠠ ᠰᠧ ᠪᠧᠨ ︵乐斯本︶ ᠢ 2000 ᠳᠠᠬᠢᠨ ᠰᠢᠩᠭᠡᠯᠡᠵᠦ ᠴᠢᠬᠢ | ᠶᠢᠨ ᠬᠠᠰᠢᠯᠭ᠎ᠠ ᠶᠢᠨ ᠬᠦᠷᠦᠰᠦᠨ ᠳᠡᠭᠡᠷ᠎ᠡ ᠰᠦᠷᠴᠢᠪᠡᠯ᠂ ᠴᠢᠬᠢᠭ ᠤᠨ ᠤᠯᠠᠭᠠᠨ ᠬᠤᠷᠣᠬᠠᠢ ᠶᠢᠨ ᠬᠥᠨᠥᠭᠡᠯ ᠢ ᠠᠰᠢᠭᠳᠠᠢ ᠬᠤᠷᠢᠭᠯᠠᠵᠤ ᠳᠡᠶᠢᠯᠦᠨ᠎ᠡ᠃ | 3. ᠡᠮ ᠤᠨ ᠬᠤᠣᠷᠳᠠᠯ ᠠᠴᠠ ᠪᠣᠯᠵᠤ ᠦᠬᠦᠬᠦ | ᠰᠢᠯᠲᠠᠭᠠᠨ᠄ ᠴᠢᠬᠢ ᠶᠢᠨ ᠬᠠᠰᠢᠯᠭ᠎ᠠ ᠶᠢᠨ ᠬᠥᠷᠥᠰᠥ ᠶᠢ ᠠᠷᠢᠭᠤᠳᠬᠠᠬᠤ ᠦᠶᠡᠰ ᠭᠡᠷᠡᠭᠯᠡᠬᠦ ᠡᠮ ᠤᠨ ᠬᠡᠮᠵᠢᠶ᠎ᠡ ᠶᠢ ᠬᠡᠲᠦᠷᠡᠭᠦᠯᠬᠦ᠂ ᠲᠠᠷᠢᠭᠰᠠᠨ ᠤ ᠳᠠᠷᠠᠭ᠎ᠠ | ᠴᠢᠬᠢ ᠶᠢᠨ ᠬᠠᠰᠢᠯᠭ᠎ᠠ ᠶᠢᠨ ᠬᠥᠷᠥᠰᠥ ᠶᠢ ᠬᠡᠲᠦᠷᠭᠡᠢ ᠬᠠᠭᠤᠷᠠᠢ ᠪᠠᠶᠢᠯᠭᠠᠬᠤ ᠪᠠ ᠴᠢᠬᠢᠯᠡᠭᠰᠡᠨ ᠤ ᠳᠠᠷᠠᠭ᠎ᠠ ᠰᠦᠷᠴᠢᠭᠰᠡᠨ ᠡᠮ ᠤᠨ ᠦᠳᠭᠡᠴᠨ ᠶᠢ ᠬᠡᠲᠦᠷᠬᠡᠢ ᠥᠨᠳᠥᠷ | ᠪᠠᠶᠢᠯᠭᠠᠬᠤ ᠨᠢ ᠪᠦᠷ ᠠᠮᠠᠷᠬᠠᠨ ᠡᠮ ᠤᠨ ᠬᠤᠣᠷᠳᠠᠯ ᠢ ᠡᠭᠦᠰᠭᠡᠬᠦ ᠪᠤᠯᠤᠨ᠎ᠠ᠃ | ᠰᠡᠷᠭᠡᠶᠢᠯᠡᠬᠦ ᠠᠷᠭ᠎ᠠ᠄ ᠴᠢᠬᠢ ᠶᠢᠨ ᠬᠠᠰᠢᠯᠭ᠎ᠠ ᠶᠢ ᠠᠷᠢᠭᠤᠳᠬᠠᠬᠤ ᠦᠶᠡᠰ ᠬᠡᠷᠡᠭᠯᠡᠬᠦ ᠡᠮ ᠤᠨ ᠬᠡᠮᠵᠢᠶ᠎ᠡ ᠶᠢ ᠬᠡᠲᠦᠷᠡᠭᠦᠯᠵᠦ ᠪᠣᠯᠬᠤ ᠦᠭᠡᠢ︔ ᠡᠮ ᠢᠶᠠᠷ | ᠰᠢᠢᠳᠪᠦᠷᠢᠯᠡᠭᠰᠡᠨ ᠤ ᠰᠡᠭᠦᠯᠡᠷᠬᠢ ᠴᠢᠬᠢ ᠶᠢᠨ ᠬᠠᠰᠢᠯᠭ᠎ᠠ ᠶᠢᠨ ᠬᠦᠷᠦᠰᠦ ᠶᠢ ᠵᠤᠭᠢᠬᠤ ᠴᠢᠭᠢᠭᠯᠢᠭ ᠪᠠᠶᠢᠯᠭᠠᠨ᠎ᠠ᠂ ᠭᠡᠪᠡᠴᠦ ᠤᠳᠠᠭ᠎ᠠ ᠪᠦᠷᠢ ᠶᠢᠨ ᠰᠦᠷᠴᠢᠬᠦ ᠤᠰᠤᠨ ᠤ | ᠬᠡᠮᠵᠢᠶ᠎ᠡ ᠶᠢ ᠬᠡᠲᠦᠷᠡᠭᠦᠯᠵᠦ ᠪᠣᠯᠬᠤ ᠦᠭᠡᠢ᠂ ᠬᠡᠲᠦᠷᠬᠡᠢ ᠴᠢᠬᠢᠭᠲᠦᠬᠦ ᠠᠴᠠ ᠰᠡᠷᠭᠡᠶᠢᠯᠡᠨ᠎ᠡ᠃ ᠦᠨᠳᠦᠰᠦ ᠨᠢ ᠢᠯᠵᠡᠷᠡᠬᠦ ᠪᠠᠶᠢᠳᠠᠯ ᠢᠯᠡᠷᠡᠪᠡᠯ᠂ ᠴᠠᠭ ᠲᠤᠬᠠᠢ ᠳᠤᠨᠢ | ᠰᠠᠯᠬᠢ ᠨᠡᠪᠲᠡᠷᠡᠭᠦᠯᠦᠨ ᠴᠢᠬᠢᠭ ᠢ ᠭᠠᠳᠠᠭᠰᠢᠯᠠᠭᠤᠯᠵᠤ᠂ ᠤᠰᠤᠨ ᠤ ᠠᠭᠤᠷᠰᠢᠯᠲᠠ ᠶᠢ ᠠᠬᠢᠭᠤᠯᠤᠨ᠎ᠠ᠃ ᠪᠦᠷᠬᠦᠭ ᠪᠤᠷᠤᠭᠠᠨ ᠲᠠᠢ ᠡᠳᠦᠷ ᠴᠢᠬᠢ ᠶᠢᠨ ᠬᠠᠰᠢᠯᠭ᠎ᠠ ᠶᠢᠨ | ᠬᠦᠷᠦᠰᠦᠨ ᠳᠡᠭᠡᠷ᠎ᠡ ᠬᠠᠭᠤᠷᠠᠢ ᠨᠠᠷᠢᠨ ᠰᠢᠷᠤᠢ ᠪᠤᠶᠤ ᠡᠪᠡᠰᠦ ᠮᠣᠳᠣᠨ ᠤ ᠦᠨᠡᠰᠦ ᠰᠠᠴᠤᠵᠤ ᠴᠢᠬᠢᠭ ᠢ ᠨᠢ ᠰᠤᠷᠤᠨ᠎ᠠ᠃ | 4. ᠪᠣᠷᠳᠣᠭᠤᠷ ᠤᠨ ᠬᠥᠨᠥᠭᠡᠯ ᠠᠴᠠ ᠪᠣᠯᠵᠤ ᠦᠬᠦᠬᠦ | ᠰᠢᠯᠲᠠᠭᠠᠨ᠄ ᠴᠢᠬᠢ ᠶᠢᠨ ᠬᠠᠰᠢᠯᠭ᠎ᠠ ᠶᠢᠨ ᠬᠦᠷᠦᠰᠦᠨ ᠳᠤ ᠢᠯᠵᠠᠷᠠᠭᠰᠠᠨ ᠦᠭᠡᠢ ᠤᠷᠭᠠᠨᠢᠭ ᠪᠤᠷᠳᠤᠭᠤᠷ ᠢ ᠬᠤᠯᠢᠬᠤ ᠪᠣᠶᠤ ᠪᠣᠷᠳᠣᠭᠤᠷ ᠤᠷᠤᠭᠤᠯᠤᠭᠰᠠᠨ | ᠨᠢ ᠵᠢᠭᠳᠡ ᠦᠭᠡᠢ ᠪᠤᠯ ᠦᠨᠳᠦᠰᠦ ᠨᠢ ᠰᠢᠲᠠᠵᠤ ᠴᠢᠬᠢ ᠦᠬᠦᠬᠦ ᠪᠣᠯᠣᠨ᠎ᠠ᠃ | ᠰᠡᠷᠭᠡᠶᠢᠯᠡᠬᠦ ᠠᠷᠭ᠎ᠠ᠄ ᠴᠢᠬᠢ ᠶᠢᠨ ᠬᠠᠰᠢᠯᠭ᠎ᠠ ᠶᠢᠨ ᠬᠥᠷᠥᠰᠥᠨ ᠳᠤ ᠤᠷᠭᠠᠨᠢᠭ ᠪᠣᠷᠳᠣᠭᠤᠷ ᠤᠷᠤᠭᠤᠯᠬᠤ ᠳᠤ ᠵᠠᠪᠠᠯ ᠭᠦᠢᠴᠡᠳ ᠢᠰᠬᠡᠨ ᠪᠤᠯᠪᠠᠰᠤᠷᠠᠭᠤᠯᠵᠤ | ᠂ ᠴᠢᠬᠢ ᠶᠢᠨ ᠬᠠᠰᠢᠯᠭ᠎ᠠ ᠶᠢᠨ ᠬᠦᠷᠦᠰᠦᠨ ᠳᠤ ᠵᠢᠭᠳᠡ ᠬᠤᠯᠢᠨ᠎ᠠ᠃ ᠴᠢᠬᠢ ᠰᠠᠯᠭᠠᠬᠤ ᠦᠶᠡᠰ ᠰᠢᠷᠣᠢ ᠶᠢ ᠰᠠᠶᠢᠳᠤᠷ ᠳᠠᠷᠤᠵᠦ ᠲᠠᠭᠰᠢᠷᠠᠭᠤᠯᠤᠨ᠂ ᠳᠡᠵᠢᠭᠡᠯ ᠤᠨ | ᠤᠭᠤᠷ ᠢ ᠨᠡᠪᠳᠡᠷᠡᠳᠡᠯ᠎ᠡ ᠤᠰᠤᠯᠠᠨ᠎ᠠ᠃ | 5. ᠬᠥᠯᠳᠡᠭᠦᠤ ᠶᠢᠨ ᠬᠦᠨᠦᠭᠡᠯ ᠠᠴᠠ ᠪᠣᠯᠵᠤ ᠦᠬᠦᠬᠦ | ᠰᠢᠯᠳᠠᠭᠠᠨ᠄ ᠬᠦᠢᠲᠡᠨ ᠤᠷᠤᠰᠬᠠᠯ᠂ ᠳᠣᠣᠷ᠎ᠠ ᠳᠤᠯᠠᠭᠠᠨ ᠤ ᠳᠠᠭᠠᠷᠢᠯᠲᠠ ᠳᠤ ᠴᠠᠭ ᠲᠤᠬᠠᠢ ᠳᠤᠨᠢ ᠬᠦᠢᠲᠡᠨ ᠠᠴᠠ ᠰᠡᠷᠭᠡᠶᠢᠯᠡᠬᠦ ᠠᠷᠭ᠎ᠠ ᠬᠡᠮᠵᠢᠶ᠎ᠡ ᠠᠪᠬᠤ | ᠦᠭᠡᠢ ᠪᠤᠯ ᠴᠢᠬᠢ ᠬᠥᠯᠳᠡᠵᠦ ᠦᠬᠦᠬᠦ ᠪᠤᠯᠤᠨ᠎ᠠ᠃ ᠡᠰᠡᠭᠦᠯ᠎ᠡ ᠴᠢᠬᠢ ᠰᠠᠯᠭᠠᠭᠰᠠᠨ ᠴᠠᠭ ᠨᠢ ᠵᠣᠬᠢᠰ ᠦᠭᠡᠢ᠂ ᠴᠢᠬᠢ ᠰᠠᠯᠭᠠᠬᠤ ᠴᠢᠬᠢ ᠶᠢᠨ ᠬᠠᠰᠢᠯᠭ᠎ᠠ ᠶᠢᠨ | ᠬᠦᠷᠦᠰᠦᠨ ᠤ ᠳᠤᠯᠠᠭᠠᠨ ᠨᠢ ᠬᠡᠲᠦᠷᠬᠡᠢ ᠳᠣᠣᠷ᠎ᠠ ᠠᠴᠠ ᠨᠢᠯᠬ᠎ᠠ ᠴᠢᠬᠢ ᠶᠢ ᠴᠢᠬᠢ ᠶᠢᠨ ᠬᠠᠰᠢᠯᠭ᠎ᠠ ᠶᠢᠨ ᠬᠦᠷᠦᠰᠦᠨ ᠳᠤ ᠰᠠᠭᠤᠯᠭᠠᠭᠰᠠᠨ ᠤ ᠳᠠᠷᠠᠭ᠎ᠠ ᠤᠳᠠᠲᠠᠯ᠎ᠠ | ᠦᠨᠳᠦᠰᠦᠯᠡᠬᠦ ᠦᠭᠡᠢ ᠪᠣᠯᠵᠤ ᠦᠬᠦᠬᠦ ᠪᠤᠯᠤᠨ᠎ᠠ᠃ | ᠰᠡᠷᠭᠡᠶᠢᠯᠡᠬᠦ ᠠᠷᠭ᠎ᠠ᠄ ① ᠴᠢᠬᠢ ᠪᠤᠶᠢᠵᠢᠭᠤᠯᠬᠤ ᠬᠤᠭᠤᠴᠠᠭᠠᠨ ᠳᠤ ᠴᠠᠭ ᠠᠭᠤᠷ ᠤᠨ ᠪᠠᠶᠢᠳᠠᠯ ᠢ ᠠᠩᠬᠠᠷᠴᠤ᠂ ᠬᠦᠢᠲᠡᠨ ᠤᠷᠤᠰᠬᠠᠯ᠂ ᠳᠣᠣᠷ᠎ᠠ | ᠳᠤᠯᠠᠭᠠᠨ ᠢᠷᠡᠬᠦ ᠦᠶᠡᠰ ᠴᠠᠭ ᠲᠤᠬᠠᠢ ᠳᠤᠨᠢ ᠪᠦᠷᠬᠦᠬᠦᠯ ᠨᠡᠮᠡᠵᠦ ᠬᠤᠴᠢᠨ᠂ ᠬᠠᠭᠤᠷᠠᠢ ᠪᠠᠶᠢᠯᠭᠠᠵᠤ᠂ ᠪᠤᠷᠤᠭᠠᠨ ᠴᠠᠰᠤᠨ ᠳᠤ ᠨᠤᠷᠠᠭᠳᠠᠵᠤ᠂ ᠳᠤᠯᠠᠭᠠᠨ ᠤ | ᠬᠡᠮᠵᠢᠶ᠎ᠡ ᠶᠢᠨ ᠪᠠᠭᠤᠷᠠᠬᠤ ᠠᠴᠠ ᠰᠡᠷᠭᠡᠶᠢᠯᠡᠨ᠎ᠡ᠃ ᠨᠥᠬᠦᠴᠡᠯ ᠲᠠᠢ ᠪᠣᠯ ᠲᠦᠷ ᠴᠠᠭ ᠤᠨ ᠳᠤᠯᠠᠭᠠᠯᠠᠬᠤ ᠠᠷᠭ᠎ᠠ ᠬᠡᠮᠵᠢᠶ᠎ᠡ ᠠᠪᠤᠨ᠎ᠠ᠃ ② ᠬᠥᠮᠥᠨ ᠤ ᠬᠦᠴᠦ ᠪᠠᠷ | ᠳᠤᠯᠠᠭᠠᠯᠠᠵᠦ ᠴᠢᠬᠢ ᠪᠤᠶᠢᠵᠢᠭᠤᠯᠤᠨ᠎ᠠ᠂ ᠵᠢᠱᠢᠶᠡᠯᠡᠪᠡᠯ ᠴᠠᠬᠢᠯᠭᠠᠨ ᠬᠠᠯᠠᠭᠠᠬᠤ ᠤᠲᠠᠰᠤ ᠲᠠᠢ ᠬᠦᠯᠡᠮᠵᠢ ᠳᠤ ᠴᠢᠬᠢ ᠪᠤᠶᠢᠵᠢᠭᠤᠯᠵᠦ ᠴᠢᠬᠢ ᠰᠠᠯᠭᠠᠨ᠎ᠠ᠃ ③ ᠭᠡᠷᠡᠯ ᠤᠨ | ᠳᠤᠰᠤᠯᠲᠠ ᠶᠢ ᠵᠣᠬᠢᠰᠲᠠᠢ ᠨᠡᠮᠡᠭᠳᠡᠭᠦᠯᠵᠦ᠂ ᠭᠡᠷᠡᠯ ᠤᠨ ᠨᠡᠶᠢᠯᠡᠯᠭᠡ ᠪᠠ ᠲᠡᠵᠢᠭᠡᠯ ᠤᠨ ᠬᠤᠷᠠᠮᠳᠤᠯ ᠢ ᠠᠬᠢᠭᠤᠯᠤᠨ᠂ ᠤᠰᠤᠯᠠᠬᠤ ᠶᠢ ᠬᠢᠵᠠᠭᠠᠷᠯᠠᠵᠦ᠂ ᠹᠣᠰᠹᠣᠷ᠂ ᠺᠠᠯᠢ | ᠵᠡᠷᠭᠡ ᠪᠣᠷᠳᠣᠭᠤᠷ ᠢ ᠵᠣᠬᠢᠰᠲᠠᠢ ᠨᠡᠮᠡᠭᠳᠡᠭᠦᠯᠦᠨ᠂ ᠴᠢᠬᠢ ᠶᠢᠨ ᠬᠠᠰᠢᠯᠭ᠎ᠠ ᠶᠢᠨ ᠬᠦᠷᠦᠰᠦᠨ ᠤ ᠳᠤᠯᠠᠭᠠᠨ ᠢ ᠨᠡᠮᠡᠭᠳᠡᠭᠦᠯᠵᠦ᠂ ᠴᠢᠬᠢ ᠶᠢᠨ ᠳᠤᠯᠠᠭᠠᠨ ᠪᠠᠶᠢᠬᠤ ᠶᠢ | ᠪᠠᠲᠤᠯᠠᠵᠤ᠂ ᠬᠦᠢᠲᠡᠨ ᠢ ᠲᠡᠰᠪᠦᠷᠢᠯᠡᠬᠦ ᠴᠢᠳᠠᠪᠤᠷᠢ ᠶᠢ ᠳᠡᠭᠡᠭᠰᠢᠯᠡᠭᠦᠯᠦᠨ᠎ᠡ᠃ | 6. ᠰᠠᠯᠬᠢᠨ ᠳᠤ ᠬᠠᠲᠠᠵᠤ ᠦᠬᠦᠬᠦ | ᠰᠢᠯᠲᠠᠭᠠᠨ᠄ ᠰᠠᠯᠬᠢ ᠨᠡᠪᠳᠡᠷᠡᠭᠦᠯᠳᠡ ᠶᠢ ᠳᠠᠮᠵᠢᠭᠰᠠᠨ ᠦᠭᠡᠢ ᠴᠢᠬᠢ ᠨᠢ ᠤᠷᠲᠤ ᠬᠤᠭᠤᠴᠠᠭ᠎ᠠ ᠴᠢᠬᠢᠭ ᠶᠡᠬᠡᠲᠡᠢ ᠣᠷᠴᠢᠨ ᠳᠤ ᠪᠠᠶᠢᠵᠤ᠂ ᠴᠢᠬᠢ ᠶᠢᠨ | ᠬᠠᠰᠢᠯᠭ᠎ᠠ ᠳᠤ ᠰᠠᠯᠬᠢ ᠨᠡᠪᠲᠡᠷᠡᠭᠦᠯᠬᠦ ᠦᠶᠡᠰ᠂ ᠬᠦᠢᠲᠡᠨ ᠠᠭᠠᠷ ᠨᠢ ᠰᠢᠭᠤᠳ ᠰᠣᠯᠢᠭ ᠤᠷᠤᠰᠬᠠᠯ ᠪᠣᠯᠬᠤ᠂ ᠡᠰᠡᠭᠦᠯ᠎ᠠ ᠪᠦᠷᠬᠦᠬᠦᠯ ᠢ ᠭᠡᠨᠡᠳᠲᠡ ᠪᠠᠷ ᠰᠡᠭᠦᠵᠦ᠂ | ᠰᠠᠯᠬᠢ ᠵᠢᠪᠠᠷ ᠦᠵᠡᠭᠦᠯᠬᠦ ᠪᠠ ᠪᠦᠷᠬᠦᠬᠦᠯ ᠨᠢ ᠶᠡᠭᠡ ᠰᠠᠯᠬᠢᠨ ᠳᠤ ᠦᠯᠢᠶᠡᠭᠳᠡᠬᠦ ᠨᠢ ᠪᠦᠷ ᠴᠢᠬᠢ ᠶᠢᠨ ᠬᠠᠰᠢᠯᠭ᠎ᠠ ᠶᠢᠨ ᠳᠤᠲᠣᠷ ᠭᠠᠳᠠᠨᠠᠬᠢ ᠬᠦᠢᠲᠡᠨ ᠬᠠᠯᠠᠭᠤᠨ | ᠠᠭᠠᠷ ᠤᠨ ᠰᠤᠯᠢᠯᠴᠠᠭ᠎ᠠ ᠶᠢ ᠬᠡᠳᠦ ᠰᠢᠷᠦᠭᠦᠨ ᠮᠦᠷᠳᠡᠭᠡᠨ ᠲᠦᠷᠭᠡᠨ ᠪᠤᠯᠭᠠᠵᠤ᠂ ᠠᠭᠠᠷ ᠤᠨ ᠳᠤᠯᠠᠭᠠᠨ᠂ ᠴᠢᠬᠢᠭ ᠤᠨ ᠬᠡᠮᠵᠢᠶ᠎ᠡ ᠭᠡᠨᠡᠳᠳᠠ ᠳᠣᠷᠣᠭᠰᠢᠯᠠᠵᠤ ᠨᠢᠯᠬ᠎ᠠ | ᠴᠢᠬᠢ ᠨᠢ ᠤᠰᠤ ᠠᠯᠳᠠᠵᠦ ᠬᠠᠳᠠᠵᠤ ᠭᠤᠨᠢᠷᠠᠭᠠᠳ᠂ ᠴᠠᠭ ᠨᠢ ᠤᠳᠠᠪᠠᠯ ᠨᠡᠪᠴᠢ ᠨᠢ ᠰᠡᠷᠭᠦᠬᠦ ᠦᠭᠡᠢ ᠪᠣᠯᠵᠤ᠂ ᠡᠴᠦᠰ ᠲᠡᠭᠡᠨ ᠨᠣᠭᠤᠭᠠᠨ ᠢᠶᠠᠷ ᠢᠶᠠᠨ ᠬᠠᠲᠠᠬᠤ | ᠪᠣᠯᠤᠨ᠎ᠠ᠂ ᠡᠨᠡᠬᠦ ᠦᠵᠡᠭᠳᠡᠯ ᠢ ᠰᠠᠯᠬᠢᠨ ᠳᠤ ᠬᠠᠲᠠᠬᠤ ᠭᠡᠳᠡᠭ᠃ | ᠰᠡᠷᠭᠡᠶᠢᠯᠡᠬᠦ ᠠᠷᠭ᠎ᠠ᠄ ᠴᠢᠬᠢ ᠶᠢᠨ ᠬᠠᠰᠢᠯᠭ᠎ᠠ ᠳᠤ ᠰᠠᠯᠬᠢ ᠨᠡᠪᠲᠡᠷᠡᠭᠦᠯᠬᠦ ᠦᠶᠡᠰ᠂ ᠰᠠᠯᠬᠢᠨ ᠳᠠᠯᠳᠠ ᠭᠡᠰᠡᠭ ᠲᠤ ᠰᠠᠯᠬᠢ ᠨᠡᠪᠲᠡᠷᠡᠭᠦᠯᠬᠦ ᠨᠦᠬᠡ ᠭᠠᠷᠭᠠᠵᠦ᠂ | ᠰᠠᠯᠬᠢᠨ ᠤ ᠬᠡᠮᠵᠢᠶ᠎ᠡ ᠶᠢ ᠢᠳᠡᠭ ᠢᠳᠡᠭ ᠢᠶᠠᠷ ᠨᠡᠮᠡᠭᠳᠡᠭᠦᠯᠦᠨ᠂ ᠴᠢᠬᠢ ᠳᠤ ᠨᠢᠭᠡᠨ ᠵᠤᠭᠢᠴᠠᠬᠤ ᠶᠠᠪᠤᠴᠠ ᠦᠯᠡᠳᠡᠭᠡᠨ᠎ᠡ᠂ ᠶᠡᠭᠡ ᠰᠠᠯᠬᠢᠨ ᠲᠠᠢ ᠡᠳᠦᠷ ᠪᠣᠯ ᠪᠦᠷᠬᠦᠬᠦᠯ ᠢ | ᠴᠢᠩᠭ᠎ᠠ ᠳᠠᠷᠤᠵᠤ᠂ ᠰᠠᠯᠬᠢᠨ ᠳᠤ ᠦᠯᠢᠶᠡᠭᠳᠡᠨ ᠰᠡᠭᠦᠭᠦ ᠠᠴᠠ ᠰᠡᠷᠭᠡᠶᠢᠯᠡᠨ᠎ᠡ᠃ | 7. ᠴᠢᠬᠢ ᠰᠤᠭᠤᠯᠤᠭᠰᠠᠨ ᠨᠢ ᠵᠣᠬᠢᠰ ᠦᠭᠡᠢ ᠠᠴᠠ ᠪᠣᠯᠵᠤ ᠦᠬᠦᠬᠦ | ᠰᠢᠯᠲᠠᠭᠠᠨ᠄ ᠴᠢᠬᠢ ᠰᠠᠯᠭᠠᠬᠤ ᠳᠤ ᠨᠢᠭᠡ ᠯᠠ ᠳᠣᠣᠷ᠎ᠠ ᠬᠡᠲᠦᠷᠬᠡᠢ ᠠᠷᠪᠢᠨ ᠴᠢᠬᠢ ᠰᠤᠭᠤᠯᠵᠦ᠂ ᠳᠤᠤᠷ᠎ᠠ ᠨᠢ ᠰᠠᠭᠤᠯᠭᠠᠵᠦ ᠠᠮᠵᠢᠭᠰᠠᠨ ᠦᠭᠡᠢ ᠠᠴᠠ | ᠨᠢᠯᠬ᠎ᠠ ᠴᠢᠬᠢ ᠨᠢ ᠤᠰᠤ ᠠᠷᠪᠢᠨ ᠠᠯᠳᠠᠵᠤ᠂ ᠴᠢᠬᠢ ᠰᠠᠭᠤᠯᠭᠠᠭᠰᠠᠨ ᠤ ᠰᠡᠭᠦᠯᠡᠷ ᠰᠡᠷᠭᠦᠬᠦ ᠦᠭᠡᠢ ᠦᠬᠦᠬᠦ ᠪᠤᠯᠤᠨ᠎ᠠ︔ ᠨᠢᠯᠬ᠎ᠠ ᠴᠢᠬᠢ ᠶᠢᠨ ᠴᠢᠬᠢ ᠰᠠᠯᠭᠠᠬᠤ ᠠᠴᠠ | ᠡᠮᠦᠨᠡᠬᠢ ᠤᠷᠭᠤᠴᠠ ᠰᠠᠶᠢᠨ ᠪᠢᠰᠢ᠂ ᠦᠨᠳᠦᠰᠦᠨ ᠰᠢᠰᠲ᠋ᠧᠮ ᠨᠢ ᠬᠦᠭᠵᠢᠩᠬᠦᠢ ᠪᠤᠰᠤ ᠪᠠ ᠳᠡᠩᠳᠡᠭᠦᠤ ᠤᠷᠤᠢ ᠴᠢᠬᠢ ᠰᠠᠯᠭᠠᠪᠠᠯ ᠦᠨᠳᠦᠰᠦ ᠶᠢ ᠨᠢ ᠭᠡᠮᠲᠦᠭᠡᠨ᠂ 365赢多少钱会被限额_国内有真正的365平台吗_365bet博彩官网 | ᠤᠰᠤ ᠰᠤᠷᠤᠬᠤ ᠴᠢᠳᠠᠪᠤᠷᠢ ᠨᠢ ᠮᠠᠭᠤᠲᠠᠬᠤ ᠠᠴᠠ ᠪᠤᠯᠵᠤ ᠴᠢᠬᠢ ᠦᠬᠦᠬᠦ ᠪᠣᠯᠣᠨ᠎ᠠ᠃ | ᠰᠡᠷᠭᠡᠶᠢᠯᠡᠬᠦ ᠠᠷᠭ᠎ᠠ᠄ ᠴᠢᠬᠢ ᠰᠤᠭᠤᠯᠬᠤ ᠳᠤ ᠦᠨᠳᠦᠰᠦ ᠶᠢ ᠨᠢ ᠠᠷᠪᠢᠨ ᠭᠡᠮᠲᠦᠭᠡᠬᠦ ᠠᠴᠠ ᠬᠢᠴᠢᠶᠡᠨ᠂ ᠬᠠᠭᠤᠴᠢᠨ ᠬᠦᠷᠦᠰᠦ ᠶᠢ ᠢᠯᠡᠭᠦᠦ ᠳᠠᠭᠠᠭᠤᠯᠵᠦ᠂ | ᠳᠠᠷᠤᠢ ᠳᠤᠨᠢ ᠰᠠᠯᠭᠠᠨ ᠳᠠᠷᠤᠢ ᠳᠤᠨᠢ ᠰᠠᠭᠤᠯᠭᠠᠵᠤ᠂ ᠨᠢᠭᠡ ᠯᠠ ᠳᠤᠤᠷ᠎ᠠ ᠬᠡᠲᠦᠷᠭᠡᠢ ᠠᠷᠪᠢᠨ ᠰᠤᠭᠤᠯᠬᠤ ᠦᠭᠡᠢ᠃ ᠰᠤᠭᠤᠯᠤᠭᠰᠠᠨ ᠴᠢᠬᠢ ᠶᠢ ᠨᠦᠢᠲᠠᠨ ᠪᠥᠰ ᠢᠶᠠᠷ | ᠪᠠᠭᠯᠠᠵᠤ᠂ ᠤᠰᠤ ᠠᠷᠪᠢᠨ ᠠᠯᠳᠠᠬᠤ ᠠᠴᠠ ᠰᠡᠷᠭᠡᠶᠢᠯᠡᠨ᠎ᠡ᠃ ᠴᠢᠬᠢ ᠰᠤᠭᠤᠯᠬᠤ ᠶᠠᠪᠤᠴᠠ ᠳᠤ᠂ ᠦᠨᠳᠦᠰᠦ ᠨᠢ ᠴᠦᠬᠡᠨ᠂ ᠲᠠᠰᠤᠷᠠᠵᠤ ᠬᠤᠭᠤᠷᠠᠭᠰᠠᠨ᠂ ᠭᠡᠮ | ᠬᠦᠨᠦᠭᠡᠯ ᠲᠠᠢ ᠪᠠ ᠵᠡᠷᠡᠮᠳᠡᠭ ᠨᠢᠯᠬ᠎ᠠ ᠴᠢᠬᠢ ᠶᠢ ᠰᠤᠩᠭᠤᠵᠦ ᠭᠠᠷᠭᠠᠨ᠎ᠠ︔ ᠴᠢᠬᠢ ᠰᠠᠯᠭᠠᠬᠤ ᠳᠤ ᠨᠢᠯᠬ᠎ᠠ ᠳᠡᠭᠡᠷ᠎ᠡ ᠨᠢ ᠰᠠᠯᠭᠠᠪᠠᠯ ᠰᠠᠶ᠋ᠢ ᠡᠳᠡᠭᠡᠷᠡᠯᠲᠡ ᠶᠢᠨ ᠨᠣᠷᠮ᠎ᠠ ᠶᠢ | ᠳᠡᠭᠡᠭᠰᠢᠯᠡᠭᠦᠯᠵᠦ ᠴᠢᠳᠠᠨ᠎ᠠ᠃ ᠶᠡᠷᠦ ᠳᠡᠭᠡᠨ ᠲᠦᠷᠦᠭᠦᠦ ᠤᠳᠠᠭ᠎ᠠ ᠴᠢᠬᠢ ᠰᠠᠯᠭᠠᠬᠤ ᠳᠤ᠂ ᠬᠠᠰᠢ ᠵᠢᠮᠢᠰ ᠤᠨ ᠲᠥᠷᠥᠯ ᠤᠨ ᠨᠢᠯᠬ᠎ᠠ ᠴᠢᠬᠢ ᠶᠢ ᠪᠣᠯ ᠬᠤᠶᠠᠷ ᠨᠠᠪᠴᠢ | ᠨᠢᠭᠡ ᠭᠤᠣᠯ ᠲᠠᠢ ᠦᠶ᠎ᠡ ᠳᠤ ᠰᠠᠯᠭᠠᠵᠤ᠂ ᠪᠦᠭᠡᠷᠡᠩᠬᠡᠢ ᠡᠰᠢᠲᠦ ᠨᠤᠭᠤᠭᠠᠨ ᠤ ᠲᠦᠷᠦᠯ ᠤᠨ ᠨᠢᠯᠬ᠎ᠠ ᠴᠢᠬᠢ ᠶᠢ ᠪᠣᠯ ᠭᠤᠷᠪᠠᠨ ᠨᠠᠪᠴᠢ ᠨᠢᠭᠡ ᠭᠤᠣᠯ ᠲᠠᠢ ᠦᠶ᠎ᠡ ᠳᠤ | ᠰᠠᠯᠭᠠᠵᠤ᠂ ᠦᠷᠭᠡᠰᠦᠳᠦ ᠬᠡᠮᠬᠡ ᠶᠢᠨ ᠨᠢᠯᠬ᠎ᠠ ᠴᠢᠬᠢ ᠶᠢ ᠪᠣᠯ ᠨᠠᠪᠴᠢ ᠨᠢ ᠳᠡᠯᠭᠡᠭᠳᠡᠬᠦ ᠠᠴᠠ ᠡᠮᠦᠨ᠎ᠡ ᠰᠠᠯᠭᠠᠨ᠎ᠠ︔ ᠴᠢᠬᠢ ᠰᠠᠯᠭᠠᠬᠤ ᠳᠤ ᠲᠤᠩᠭᠠᠯᠠᠭ ᠡᠳᠦᠷ ᠢ | ᠰᠣᠩᠭᠤᠨ᠎ᠠ᠂ ᠬᠦᠯᠡᠮᠵᠢ ᠶᠢᠨ ᠭᠡᠷᠡᠯ ᠤᠨ ᠳᠤᠰᠤᠯᠲᠠ ᠴᠢᠩᠭ᠎ᠠ ᠦᠶᠡᠰ᠂ ᠶᠡᠭᠡ ᠬᠦᠯᠡᠮᠵᠢ ᠶᠢᠨ ᠳᠣᠲᠣᠷ᠎ᠠ ᠪᠠᠶᠢᠭ᠎ᠠ ᠪᠠᠭ᠎ᠠ ᠬᠦᠯᠡᠮᠵᠢ ᠶᠢᠨ ᠴᠢᠬᠢ ᠶᠢᠨ ᠳᠡᠭᠡᠷ᠎ᠡ ᠲᠠᠯ᠎ᠠ | ᠳᠤ ᠬᠡᠰᠡᠭ ᠵᠠᠢ ᠦᠯᠡᠳᠡᠭᠡᠨ ᠡᠪᠡᠰᠦᠨ ᠭᠦᠷᠦᠮᠡᠯ ᠪᠤᠶᠤ ᠨᠠᠷᠠᠨ ᠤ ᠭᠡᠷᠡᠯ ᠢ ᠬᠠᠯᠬᠠᠯᠠᠬᠤ ᠲᠣᠣᠷ ᠲᠠᠯᠪᠢᠵᠤ᠂ ᠰᠠᠶ᠋ᠢᠬᠠᠨ ᠰᠠᠯᠭᠠᠭᠰᠠᠨ ᠴᠢᠬᠢ ᠳᠡᠭᠡᠷ᠎ᠡ ᠨᠠᠷᠠᠨ ᠤ ᠭᠡᠷᠡᠯ | ᠰᠢᠭᠤᠳ ᠲᠤᠰᠴᠤ᠂ ᠤᠰᠤ ᠠᠯᠳᠠᠨ᠂ ᠭᠤᠨᠢᠷᠠᠵᠦ᠂ ᠬᠠᠲᠠᠵᠦ ᠦᠬᠦᠬᠦ ᠠᠴᠠ ᠰᠡᠷᠭᠡᠶᠢᠯᠡᠨ᠎ᠡ᠃ |